ᠠᠵᠢᠯᠴᠢ ᠬᠤᠶᠠᠷ ᠭᠠᠷ ᠢᠶᠠᠷ ᠢᠶᠠᠨ ᠴᠢᠨᠡᠭᠡᠯᠢᠭ ᠠᠮᠢᠳᠤᠷᠠᠯ ᠢᠶᠠᠨ ᠴᠤᠭᠴᠠᠯᠠᠨ᠎ᠠ
ᠨᠡᠶᠢᠲᠡᠯᠡᠭᠰᠡᠨ ᠴᠠᠭ᠄
2017/8/7
       ᠠᠵᠢᠯᠴᠢ ᠬᠤᠶᠠᠷ ᠭᠠᠷ ᠢᠶᠠᠷ ᠢᠶᠠᠨ ᠴᠢᠨᠡᠭᠡᠯᠢᠭ ᠠᠮᠢᠳᠤᠷᠠᠯ ᠢᠶᠠᠨ ᠴᠤᠭᠴᠠᠯᠠᠨ᠎ᠠ —                          ᠭᠠᠬᠢᠯ ᠰᠤᠮᠤᠨ ᠤ ᠶᠠᠳᠠᠭᠤ ᠠᠴᠠ ᠪᠠᠨ ᠠᠩᠭᠢᠵᠢᠷᠠᠭᠰᠠᠨ ᠡᠷᠦᠭᠡ  ᠰᠡ᠊᠂ ᠪᠠᠶᠠᠷᠳᠤ      ᠤᠨ ᠵᠢᠯ ᠢ ᠡᠯᠡᠭᠡᠭᠰᠡᠨ ᠬᠠᠭᠤᠴᠢᠨ ᠰᠢᠪᠡᠷ ᠪᠠᠶᠢᠰᠢᠩ ᠤᠨ ᠴᠠᠭᠠᠨᠠᠬᠢᠨ ᠴᠤᠯᠠ ᠪᠤᠯᠤᠳ ᠪᠦᠳᠦᠴᠡ ᠲᠠᠢ ᠰᠢᠨ᠎ᠡ ᠮᠠᠶ᠋ᠢᠭ ᠤᠨ ᠪᠠᠶᠢᠰᠢᠩ ᠬᠠᠷᠠᠭᠳᠠᠵᠤ᠂  ᠰᠢᠨ᠎ᠡ ᠪᠠᠶᠢᠰᠢᠩ ᠤᠨ ᠪᠠᠷᠠᠭᠤᠨ ᠳᠤᠤᠷ᠎ᠠ ᠶᠠᠭ ᠰᠠᠶᠢᠬᠠᠨ ᠨᠢᠭᠡ ᠮᠠᠰᠢᠨ ᠬᠤᠳᠳᠤᠭ ᠦᠷᠦᠮᠳᠡᠭᠦᠯᠵᠦ ᠪᠠᠶᠢᠭ᠎ᠠ ᠨᠢᠭᠡᠨ ᠠᠶᠢᠯ ᠳᠤ ᠪᠢᠳᠠ ᠬᠦᠷᠴᠦ ᠤᠴᠢᠯ᠎ᠠ ᠁      ᠪᠢᠳᠠᠨ ᠢ ᠬᠦᠷᠴᠦ ᠤᠴᠢᠬᠤ ᠳᠤ ᠶᠠᠭ ᠰᠠᠶᠢᠬᠠᠨ ᠪᠠᠶᠠᠷᠳᠤ ᠭᠤᠴᠢᠨ ᠺᠢᠯᠦᠮᠧᠲᠷ ᠵᠠᠶᠢᠳᠠᠢ ᠪᠠᠶᠢᠭ᠎ᠠ ᠤᠳᠤᠷ ᠎ ᠠᠴᠠ ᠪᠠᠨ ᠪᠤᠴᠠᠵᠤ ᠢᠷᠡᠵᠦ ᠲᠡᠭᠡᠷ᠎ᠡ ᠤᠳᠠᠭᠠᠨ ᠤ  ᠭᠠᠷᠭᠠᠭᠰᠠᠨ ᠭᠦᠷᠵᠡᠩ ᠢᠶᠠᠨ ᠵᠢᠷᠭᠡᠯᠡᠵᠦ  ᠪᠠᠶᠢᠪᠠ᠃《 ᠲᠡᠭᠡᠷ᠎ᠡ ᠤᠳᠠᠭᠠᠨ ᠤ ᠭᠠᠷᠭᠠᠭᠰᠠᠨ ᠭᠦᠷᠵᠡᠩ ᠢᠶᠠᠨ ᠤᠪᠤᠭᠠᠯᠠᠵᠤ ᠠᠮᠵᠢᠭ᠎ᠠ ᠦᠬᠡᠢ᠂ ᠦᠨᠦᠳᠦᠷ ᠢᠷᠡᠭᠡᠳ ᠤᠪᠤᠭᠠᠯᠠᠵᠤ  ᠪᠡᠶᠢᠨ᠎ᠡ᠂ ᠰᠢᠨ᠎ᠡ ᠭᠡᠷ ᠲᠡᠭᠡᠨ ᠰᠠᠭᠤᠬᠤ ᠢᠶᠠᠨ ᠬᠠᠶᠢᠷᠠᠯᠠᠭᠰᠠᠨ ᠴᠤ ᠶᠤᠮ ᠤᠤ᠂ ᠦᠨᠦ ᠵᠢᠯ ᠤᠳᠤᠷ  ᠎ ᠳᠠᠭᠠᠨ ᠵᠢᠭᠠᠬᠠᠨ ᠡᠷᠳᠡ ᠭᠠᠷᠤᠯ᠎ᠠ᠂  ᠪᠠᠰᠠ ᠠᠳᠡᠬᠢ ᠰᠠᠭᠤᠷᠢᠰᠢᠯ ᠤᠨ ᠪᠡᠯᠴᠢᠭᠡᠷ ᠢᠶᠠᠨ ᠬᠠᠮᠠᠭᠠᠯᠠᠵᠤ ᠪᠠᠶᠢᠭ᠎ᠠ ᠶᠤᠮ ᠪᠢᠵᠠ᠂ ᠨᠠᠮᠤᠷ ᠠᠳᠡᠬᠢ ᠪᠡᠯᠴᠢᠭᠡᠷ ᠠᠴᠠ ᠪᠠᠨ ᠡᠪᠡᠰᠦ ᠬᠠᠳᠤᠵᠤ᠂ ᠬᠤᠶᠠᠷ ᠵᠠᠭᠤ ᠭᠠᠷᠤᠢ ᠮᠠᠯ ᠠᠳᠡ ᠳᠡᠭᠡᠨ ᠡᠪᠦᠯᠵᠢᠨ᠎ᠠ》 ᠭᠡᠵᠦ ᠢᠷᠡᠭᠰᠡᠨ ᠵᠤᠴᠢᠳ ᠢ ᠤᠬᠳᠤᠨ ᠮᠡᠨᠳᠤᠴᠢᠯᠡᠯ᠎ᠡ᠃      ᠰᠡ᠊᠂ ᠪᠠᠶᠠᠷᠳᠤ ᠪᠤᠯ ᠭᠠᠬᠢᠯ ᠰᠤᠮᠤᠨ ᠤ ᠬᠠᠳᠠᠳᠤ ᠭᠠᠴᠠᠭᠠᠨ ᠤ ᠮᠠᠯᠴᠢᠨ᠂ ᠭᠡᠷ ᠲᠡᠭᠡᠨ ᠲᠦᠷᠪᠡᠨ ᠬᠦᠮᠦᠨ ᠠᠮᠠ ᠲᠠᠢ᠂ ᠬᠡᠦᠬᠡᠨ ᠨᠢ ᠠᠶᠢᠮᠠᠭ ᠤᠨ ᠮᠤᠡᠩᠭᠤᠯ ᠳᠤᠮᠳᠠᠳᠤ ᠰᠤᠷᠭᠠᠭᠤᠯᠢ ᠳᠤ ᠰᠤᠷᠤᠯᠴᠠᠵᠤ᠂ ᠬᠦᠦ ᠨᠢ ᠤᠷᠠᠯᠢᠭ ᠎ ᠤᠨ ᠰᠤᠷᠭᠠᠭᠤᠯᠢ ᠳᠤ ᠰᠠᠭᠤᠵᠤ ᠪᠤᠢ᠂ ᠡᠮᠦᠨ᠎ᠡ ᠬᠡᠳᠦᠨ ᠵᠢᠯ ᠬᠤᠶᠠᠷ ᠬᠡᠦᠬᠡᠳ ᠨᠢ ᠭᠠᠳᠠᠭᠰᠢ ᠭᠠᠷᠴᠤ ᠰᠤᠷᠭᠠᠭᠤᠯᠢ ᠰᠤᠶᠤᠯ ᠤᠨ ᠮᠦᠷ ᠬᠦᠭᠡᠭᠡᠭᠰᠡᠨ ᠠᠴᠠ ᠵᠠᠷᠤᠯᠭ᠎ᠠ ᠶᠡᠬᠡᠰᠴᠦ ᠮᠠᠯ ᠢᠶᠠᠨ ᠪᠠᠷᠠᠨ᠂ ᠵᠢᠯ ᠳᠡᠭᠡᠨ ᠠᠮᠢ ᠠᠬᠤᠢ ᠶᠢᠨ ᠨᠦᠬᠦᠪᠦᠷᠢ ᠮᠦᠡᠭᠭᠦ ᠳᠤ ᠲᠦᠰᠢᠭᠯᠡᠨ ᠠᠷᠭᠠᠴᠠᠭᠠᠵᠤ ᠪᠠᠶᠢᠵᠠᠢ᠃      ᠤᠨᠤᠪᠴᠢᠳᠠᠢ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠭᠠᠷᠤᠭᠰᠠᠨ ᠠᠴᠠ᠂ ᠡᠳᠡᠭᠡᠷ ᠪᠡᠶᠢᠳᠡᠯ ᠨᠢ ᠬᠤᠪᠢᠷᠠᠯᠳᠠ ᠭᠠᠷᠴᠤ᠂ 2015 ᠤᠨ ᠳᠤ ᠶᠠᠳᠠᠭᠤ ᠶᠢ ᠲᠡᠳᠬᠦᠬᠦ ᠲᠠᠭᠠᠴᠢᠯᠠᠭᠰᠠᠨ ᠪᠠᠶᠢᠭᠤᠯᠭ᠎ᠠ ᠠᠴᠠ 50 ᠡᠬᠡ ᠮᠠᠯ ᠬᠦᠷᠭᠡᠵᠦ ᠢᠷᠡᠨ᠂ ᠬᠡᠳᠦᠨ ᠵᠢᠯ ᠤᠨ ᠴᠢᠷᠮᠠᠶᠢᠯᠭ᠎ᠠ ᠪᠠᠷ ᠲᠠᠮᠵᠢᠨ ᠲᠡᠳᠡᠨ ᠤ ᠮᠠᠯ ᠨᠢ 260 ᠭᠠᠷᠤᠢ ᠪᠤᠯᠵᠤ᠂ 2016 ᠤᠨ ᠳᠤ᠂ ᠰᠤᠮᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤᠯᠠᠨ ᠲᠡᠯ᠎ᠠ ᠶᠢᠨ ᠲᠠᠮᠵᠢᠯᠭᠡ ᠪᠠᠷ᠂ ᠰᠡ᠊ ᠪᠠᠶᠠᠷᠳᠦ ᠶᠢᠨ ᠳᠤ 75 ᠲᠡᠭᠰᠢ ᠲᠦᠷᠪᠡᠯᠵᠢᠨ ᠮᠧᠲᠷ ᠰᠢᠨ᠎ᠡ ᠬᠡᠯᠪᠡᠷᠢ ᠶᠢᠨ ᠭᠡᠷ ᠪᠠᠷᠢᠵᠦ ᠦᠭᠭᠦᠨ᠂ ᠤᠷᠤᠨ ᠰᠠᠭᠤᠴᠠ ᠶᠢᠨ ᠨᠦᠬᠦᠴᠡᠯ ᠢ ᠨᠢ ᠰᠠᠶᠢᠵᠢᠷᠠᠭᠤᠯᠵᠤ ᠦᠭᠭᠦᠭᠰᠡᠨ ᠪᠠᠶᠢᠨ᠎ᠠ᠃ 2017 ᠤᠨ ᠳᠤ ᠬᠤᠰᠢᠭᠤ ᠶᠠᠳᠠᠭᠤ ᠎ ᠶᠢ ᠲᠡᠳᠬᠦᠬᠦ ᠠᠯᠪᠡᠨ ᠭᠡᠷ ᠠᠴᠠ ᠲᠡᠳᠡᠨ ᠤ ᠳᠤ ᠲᠦᠷᠦᠯ ᠵᠦᠢᠯ ᠤᠨ ᠲᠡᠮᠵᠢᠯᠭᠡ ᠦᠭᠴᠦ᠂ ᠬᠦᠮᠦᠨ ᠮᠠᠯ ᠤᠨ ᠤᠭᠤᠤᠬᠤ ᠤᠰᠤᠨ ᠤ ᠠᠰᠠᠭᠤᠳᠠᠯ ᠢ ᠰᠢᠢᠳᠪᠦᠷᠢᠯᠡᠵᠦ ᠦᠭᠪᠡ᠃《 ᠪᠦᠬᠦ ᠵᠦᠢᠯ ᠢ  ᠪᠦᠷ ᠪᠡᠯᠡᠨ ᠪᠤᠯᠭᠠᠵᠤ ᠦᠭᠭᠦᠯ᠎ᠡ᠂ ᠤᠳᠤ ᠦᠪᠡᠷ ᠤᠨ ᠴᠢᠷᠮᠠᠯᠢᠭ᠎ᠠ ᠯᠡ ᠬᠡᠷᠡᠭᠳᠡᠢ》ᠭᠡᠵᠦ ᠪᠠᠶᠠᠷᠳᠤ ᠤᠨ ᠬᠢᠨ ᠰᠠᠳᠬᠢᠯ ᠳᠤᠭᠳᠤᠯᠠᠨ ᠶᠠᠷᠢᠵᠤ ᠪᠠᠶᠢᠯ᠎ᠠ᠃ ᠰᠡ᠊᠂ ᠪᠠᠶᠠᠷᠳᠤ ᠶᠢᠨ ᠬᠢᠨ ᠤᠨᠤᠪᠴᠢᠳᠠᠢ ᠶᠠᠳᠠᠭᠤ ᠶᠢ ᠲᠡᠳᠬᠦᠬᠦ ᠲᠠᠮᠵᠢᠯᠭᠡ ᠲᠤᠤᠷ᠎ᠠ᠂ ᠦᠪᠡᠷ ᠎ ᠤᠨ ᠠᠵᠢᠯᠴᠢ ᠬᠤᠶᠠᠷ ᠭᠠᠷ ᠢᠶᠠᠷ ᠢᠶᠠᠨ ᠶᠠᠳᠠᠭᠤ ᠬᠦᠴᠢᠷᠳᠠᠯᠳᠡᠢ ᠪᠠᠶᠢᠳᠠᠯ ᠠᠴᠠ ᠪᠠᠨ ᠠᠩᠭᠢᠵᠢᠷᠠᠵᠤ᠂《 ᠶᠠᠳᠠᠭᠤ ᠡᠷᠦᠭᠡ》᠎ ᠶᠢᠨ ᠲᠠᠩᠰᠠᠨ ᠠᠴᠠ ᠠᠩᠬᠢᠵᠢᠷᠠᠵᠤ᠂ ᠮᠠᠨ ᠤ ᠰᠤᠮᠤᠨ ᠤ ᠪᠠᠨ ᠶᠠᠳᠠᠭᠤ ᠠᠴᠠ ᠠᠩᠭᠢᠵᠢᠷᠠᠭᠰᠠᠨ ᠲᠠᠭᠤᠷᠢᠶᠠᠯ ᠡᠷᠦᠭᠡ  ᠪᠤᠯᠤᠭᠰᠠᠨ ᠪᠠᠶᠢᠨ᠎ᠠ᠃      ᠦᠪᠡᠷ ᠢᠶᠠᠨ ᠶᠠᠳᠠᠭᠤ ᠠᠴᠠ ᠠᠩᠭᠢᠵᠢᠷᠠᠭᠰᠠᠨ ᠠᠴᠠ ᠲᠠᠷᠠᠭ᠎ᠠ ᠪᠤᠰᠤᠳ ᠢ ᠬᠠᠪᠰᠤᠷᠬᠤ ᠪᠠᠨ ᠮᠠᠷᠳᠠᠭ᠎ᠠ ᠦᠬᠡᠢ᠂ ᠮᠠᠯᠴᠢᠳ ᠤᠨ ᠤᠷᠤᠯᠭ᠎ᠠ ᠶᠢ ᠨᠡᠮᠡᠭᠳᠡᠭᠦᠯᠬᠦ ᠠᠷᠭ᠎ᠠ ᠵᠠᠮ ᠢ ᠦᠷᠭᠡᠳᠬᠡᠵᠦ᠂ ᠮᠠᠯᠴᠢᠳ ᠢ ᠰᠢᠯᠵᠢᠭᠦᠯᠦᠨ ᠠᠵᠤ ᠦᠢᠯᠡᠰ ᠡᠷᠬᠢᠯᠡᠬᠦ ᠶᠢ ᠠᠬᠢᠭᠤᠯᠬᠤ ᠶᠢᠨ ᠲᠤᠯᠠᠳᠠ᠂ 2017 ᠤᠨ 7 ᠰᠠᠷ᠎ᠠ ᠳᠤ᠂ ᠲᠡᠷᠡ ᠪᠦᠰᠡᠭᠦᠢ ᠰᠠᠷᠠᠡᠭᠡᠷᠡᠯ ᠲᠠᠢ ᠪᠠᠨ ᠴᠠᠭᠠᠨ ᠢᠳᠡᠭᠡᠨ ᠪᠤᠯᠪᠠᠰᠤᠷᠠᠭᠤᠯᠬᠤ ᠪᠤᠯᠪᠠᠰᠤᠷᠠᠯ ᠤᠨ ᠠᠩᠭᠢ ᠡᠷᠬᠢᠯᠡᠨ᠂ ᠬᠦᠯᠦᠨ ᠪᠦᠢᠷ ᠠᠶᠢᠮᠠᠭ ᠠᠴᠠ ᠪᠠᠭᠰᠢ ᠵᠠᠯᠠᠨ ᠬᠢᠴᠢᠶᠠᠯ ᠤᠷᠤᠭᠤᠯᠵᠤ᠂ ᠭᠠᠴᠠᠭᠠᠨ ᠤ 16 ᠨᠡᠷᠡᠰ ᠪᠦᠰᠡᠭᠦᠶᠢᠴᠦᠳ ᠪᠤᠯᠪᠠᠰᠤᠷᠠᠯ ᠎ ᠳᠤ ᠤᠷᠤᠯᠴᠠᠨ᠂ ᠪᠤᠯᠪᠠᠰᠤᠷᠠᠯ ᠤᠨ ᠭᠤᠤᠤᠯ ᠠᠭᠤᠯᠭ᠎ᠠ ᠨᠢ ᠤᠯᠠᠮᠵᠢᠯᠠᠯᠳᠤ ᠴᠠᠭᠠᠨ ᠢᠳᠡᠭᠡᠨ ᠪᠤᠯᠪᠠᠰᠤᠷᠠᠭᠤᠯᠬᠤ᠂ ᠴᠠᠭᠠᠨ ᠢᠳᠡᠭᠡᠨ ᠪᠠᠭᠯᠠᠬᠤ᠂ ᠬᠠᠳᠠᠭᠠᠯᠠᠬᠤ ᠵᠢᠴᠢ ᠰᠢᠨ᠎ᠡ ᠮᠠᠶ᠋ᠢᠭ ᠤᠨ ᠮᠤᠩᠭᠤᠯ ᠢᠳᠡᠭᠡᠨ ᠬᠢᠬᠦ᠂ ᠫᠢᠯᠠ ᠵᠠᠰᠠᠬᠤ ᠵᠡᠷᠭᠡ ᠶᠢ ᠪᠠᠭᠳᠠᠭᠠᠵᠤ᠂ ᠭᠤᠤᠯ ᠤᠨᠴᠠᠯᠢᠭ ᠨᠢ ᠴᠤᠯᠠ ᠪᠠᠶᠢᠭᠠᠯᠢᠯᠢᠭ ᠪᠠᠶᠢᠵᠤ᠂ ᠶᠠᠮᠠᠷᠴᠤ ᠨᠡᠮᠡᠯᠳᠡ ᠡᠳ᠋ ᠬᠡᠷᠡᠭᠯᠡᠬᠦ ᠦᠬᠡᠢ᠂ ᠠᠮᠳᠠᠯᠠᠭᠴᠢ ᠨᠢ ᠵᠦᠪᠬᠡᠨ ᠬᠦᠮᠡᠯᠢ᠂ ᠭᠡᠭᠡᠷ᠎ᠡ ᠶᠢᠨ ᠰᠤᠩᠭᠢᠨ᠎ᠡ᠃ ᠳᠤᠰ ᠤᠳᠠᠭᠠᠨ ᠤ ᠪᠤᠯᠪᠠᠰᠤᠷᠠᠯ ᠨᠢ ᠤᠷᠤᠯᠴᠠᠭᠰᠠᠳ ᠤᠨ ᠮᠡᠳᠡᠯᠭᠡ ᠶᠢ ᠨᠡᠮᠡᠭᠳᠡᠭᠦᠯᠦᠭᠰᠰᠡᠨ ᠪᠠᠷ ᠪᠠᠷᠠᠬᠤ ᠦᠬᠡᠢ ᠰᠢᠨ᠎ᠡ ᠮᠡᠷᠭᠡᠵᠢᠯ ᠰᠤᠷᠴᠤ᠂ ᠰᠢᠨ᠎ᠡ ᠦᠷ᠎ᠡ ᠠᠰᠢᠭ ᠤᠨ ᠨᠡᠮᠡᠭᠳᠡᠯ ᠤᠨ ᠴᠡᠭ ᠢ ᠪᠦᠷᠢᠯᠳᠦᠭᠦᠯᠵᠦ᠂ ᠬᠦᠴᠢᠷᠳᠠᠯᠳᠡᠢ ᠮᠠᠯᠴᠢᠳ ᠤᠨ ᠤᠷᠤᠯᠭ᠎ᠠ ᠪᠠᠨ ᠨᠡᠮᠡᠭᠳᠡᠭᠦᠯᠦᠨ ᠪᠠᠶᠠᠵᠢᠯ ᠤᠨ ᠵᠠᠮ ᠢ ᠡᠯᠬᠦᠬᠦ ᠶᠢ ᠠᠬᠢᠭᠤᠯᠤᠭᠰᠠᠨ ᠪᠠᠶᠢᠨ᠎ᠠ᠃       ᠲᠠᠷᠠᠭᠠᠴᠢ ᠶᠢᠨ ᠠᠯᠬᠤᠮ ᠳᠤ᠂ ᠰᠡ᠊᠂ ᠪᠠᠶᠠᠷᠳᠤ ᠮᠠᠯᠵᠢᠯ ᠦᠢᠯᠡᠳᠪᠦᠷᠢᠯᠡᠯ ᠤᠨ ᠴᠢᠯᠦᠭᠡ ᠵᠠᠪ ᠢ ᠠᠰᠢᠭᠯᠠᠨ ᠦᠪᠡᠷ ᠤᠨ ᠲᠤᠷ᠎ᠠ ᠪᠠᠬ᠎ᠠ ᠲᠠᠢ ᠶᠠᠰᠤᠨ ᠰᠢᠢᠯᠦᠮᠡᠯ ᠤᠨ ᠲᠠᠯ᠎ᠠ ᠪᠠᠷ ᠬᠦᠴᠦ ᠲᠠᠯᠪᠢᠵᠤ᠂ ᠢᠯᠡᠭᠦᠭᠡᠨ ᠰᠢᠨ᠎ᠡ ᠮᠡᠷᠭᠡᠵᠢᠯ ᠰᠤᠷᠴᠤ᠂ ᠰᠢᠨ᠎ᠡ ᠪᠠᠭᠠᠵᠢ ᠠᠪᠤᠨ᠂ ᠦᠪᠡᠷ ᠤᠨ ᠬᠢᠭᠰᠡᠨ ᠶᠠᠰᠤᠨ ᠰᠢᠢᠯᠦᠮᠡᠯ ᠢᠶᠠᠨ ᠪᠤᠷᠤᠯᠠᠭᠤᠯᠭ᠎ᠠ ᠰᠠᠶᠢᠳᠠᠢ ᠪᠤᠯᠭᠠᠬᠤ ᠶᠢ ᠬᠦᠰᠡᠵᠦ ᠪᠤᠢ ᠭᠡᠯ᠎ᠡ᠃        ᠡᠯ᠎ᠡ ᠲᠦᠷᠦᠯ ᠤᠨ ᠤᠨᠤᠪᠴᠢᠳᠠᠢ ᠶᠠᠳᠠᠭᠤ ᠶᠢ ᠲᠡᠳᠬᠦᠬᠦ ᠠᠷᠭ᠎ᠠ ᠵᠠᠮ ᠨᠢ ᠰᠡ᠊᠂ ᠪᠠᠶᠠᠷᠳᠤ ᠶᠢᠨ ᠬᠢ ᠶᠠᠳᠠᠭᠤ ᠠᠴᠠ ᠠᠩᠭᠢᠵᠢᠷᠠᠭᠤᠯᠤᠨ ᠪᠠᠶᠠᠵᠢᠯ ᠤᠨ ᠵᠠᠮ ᠵᠦᠭ ᠬᠦᠳᠦᠯᠦᠭᠰᠡᠨ ᠪᠡᠶᠢᠨ᠎ᠡ᠂《 ᠨᠠᠮ ᠪᠡ ᠵᠠᠰᠠᠭ ᠠᠴᠠ ᠨᠠᠳᠠ ᠶᠢ ᠶᠠᠳᠠᠭᠤ ᠬᠦᠴᠢᠷᠳᠠᠯᠳᠡᠢ ᠠᠮᠢᠳᠤᠷᠠᠯ ᠠᠴᠠ ᠭᠠᠷᠭᠠᠯ᠎ᠠ᠂ ᠤᠳᠤ ᠠᠴᠠ ᠡᠬᠢᠯᠡᠨ ᠪᠢ ᠯᠠᠪᠳᠠᠢ ᠦᠪᠡᠷ ᠤᠨ ᠬᠦᠴᠦᠨ ᠳᠡᠭᠡᠨ ᠲᠦᠰᠢᠭᠯᠡᠨ ᠪᠦᠬᠦ ᠭᠡᠷ ᠤᠨ ᠠᠮᠢᠳᠤᠷᠠᠯ ᠢᠶᠠᠨ ᠤᠯᠠᠮ ᠰᠠᠶᠢᠨ ᠪᠤᠯᠭᠠᠨ᠎ᠠ》ᠭᠡᠵᠦ ᠵᠤᠷᠢᠭ ᠲᠡᠭᠦᠯᠳᠡᠷ ᠶᠠᠷᠢᠯ᠎ᠠ︕
 
ᠢᠷᠡᠯᠲᠡ᠄ ᠭᠠᠬᠢᠯ ᠰᠤᠮᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号