ᠭᠠᠬᠢᠯ ᠰᠤᠮᠤᠨ ᠤ《ᠭᠡᠰᠢᠭ ᠬᠤᠷᠤᠶᠢᠯᠠᠭᠰᠠᠨ ᠨᠤᠳᠤᠭ》ᠠᠵᠢᠯ ᠤᠨ ᠴᠢᠯᠦᠭᠡᠨ ᠤ ᠤᠯᠠᠭᠠᠨᠮᠦ᠋ᠴᠢᠷ ᠤᠨ ᠲᠤᠭᠯᠠᠯᠳᠠ ᠠᠮᠵᠢᠯᠳᠠ ᠲᠠᠢ ᠶᠠᠪᠤᠭᠳᠠᠪᠠ
ᠨᠡᠶᠢᠲᠡᠯᠡᠭᠰᠡᠨ ᠴᠠᠭ᠄
2017/7/20
     ᠨᠠᠮ ᠤᠨ ᠲᠤᠭ ᠨᠠᠮᠢᠷᠠᠩᠬᠠᠨ ᠲᠤᠯᠤᠭᠠᠨ ᠰᠠᠷ᠎ᠠ ᠪᠠᠨ ᠤᠭᠳᠤᠵᠤ᠂ ᠠᠮᠵᠢᠯᠳᠠ ᠶᠢᠨ ᠢᠷᠠᠭᠤ ᠲᠠᠭᠤᠨ ᠬᠠᠨᠭ᠍ᠬᠢᠨᠠᠮ᠃ 7 ᠰᠠᠷ᠎ᠠ 14 ᠤᠷᠤᠢ᠂ ᠦᠵᠦᠮᠦᠴᠢᠨ ᠠᠭᠤᠳᠠᠮ ᠲᠠᠯᠠᠪᠠᠢ ᠦᠡᠭᠭᠡ ᠶᠢᠨ ᠬᠡᠷᠡᠯ ᠲᠤᠸᠠᠯᠠᠨ ᠬᠢᠯᠠᠯᠵᠠᠵᠤ᠂ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠵᠢᠴᠢ ᠪᠦᠬᠦ ᠠᠶᠢᠮᠠᠭ ᠤᠨ ᠤᠶᠤᠨ ᠤ ᠪᠤᠯᠪᠠᠰᠤᠨ ᠤ ᠠᠬᠤᠢ ᠲᠠᠯᠠᠪᠠᠢ ᠶᠢᠨ ᠬᠤᠷᠠᠯ ᠢ ᠤᠭᠳᠤᠬᠤ ᠬᠤᠰᠢᠭᠤ ᠨᠠᠮ ᠤᠨ ᠬᠤᠷᠢᠶᠠᠨ  ᠤ ᠤᠬᠠᠭᠤᠯᠬᠤ ᠬᠡᠯᠳᠡᠰ᠂ ᠬᠤᠰᠢᠭᠤ ᠰᠤᠶᠤᠯ ᠪᠠᠶ᠎ᠡ ᠲᠠᠮᠢᠷ  ᠷᠠᠳᠢᠤ᠋ ᠺᠢᠨᠤ᠋ ᠲᠧᠯᠸᠢᠰ ᠵᠢᠭᠤᠯᠴᠢᠯᠠᠯ ᠤᠨ ᠲᠤᠪᠴᠢᠶᠠᠨ  ᠠᠴᠠ ᠭᠤᠤᠯᠯᠠᠨ ᠡᠷᠬᠢᠯᠡᠵᠦ᠂ ᠬᠤᠰᠢᠭᠤ ᠰᠤᠶᠤᠯ ᠤᠨ ᠤᠷᠳᠤᠨ ᠠᠴᠠ ᠲᠠᠭᠠᠭᠠᠴᠢᠯᠠᠨ ᠡᠷᠬᠢᠯᠡᠭᠰᠡᠨ 2017 ᠤᠨ  ᠤ ᠠᠵᠢᠯ ᠤᠨ ᠴᠢᠯᠦᠭᠡᠨ ᠤ ᠤᠯᠠᠭᠠᠨᠮᠦ᠋ᠴᠢᠷ — ᠭᠠᠬᠢᠯ ᠰᠤᠮᠤᠨ ᠤ《ᠭᠡᠰᠢᠭ ᠬᠤᠷᠤᠶᠢᠯᠠᠭᠰᠠᠨ ᠨᠤᠳᠤᠭ 》ᠠᠵᠢᠯ  ᠤᠨ ᠴᠢᠯᠦᠭᠡᠨ ᠤ ᠤᠯᠠᠭᠠᠨᠮᠦ᠋ᠴᠢᠷ ᠤᠨ ᠲᠤᠭᠯᠠᠯᠳᠠ ᠠᠳᠡ ᠠᠮᠵᠢᠯᠳᠠ ᠲᠠᠢ ᠶᠠᠪᠤᠭᠳᠠᠭᠰᠠᠨ ᠪᠠᠶᠢᠨ᠎ᠠ᠃ ᠬᠤᠰᠢᠭᠤ ᠰᠤᠶᠤᠯ ᠪᠠᠶ᠎ᠡ ᠲᠠᠮᠢᠷ  ᠷᠠᠳᠢᠤ᠋ ᠺᠢᠨᠤ᠋ ᠲᠧᠯᠸᠢᠰ ᠵᠢᠭᠤᠯᠴᠢᠯᠠᠯ ᠤᠨ ᠲᠤᠪᠴᠢᠶᠠᠨ ᠤ ᠨᠠᠮ ᠤᠨ ᠬᠤᠷᠢᠶᠠᠨ ᠤ ᠱᠦᠵᠢ᠂ ᠲᠤᠪᠴᠢᠶᠠᠨ ᠲᠠᠷᠤᠭ᠎ᠠ ᠮᠦᠡᠭᠬᠡᠪᠠᠭᠠᠳᠤᠷ᠂ ᠲᠡᠳ᠋ ᠲᠤᠪᠴᠢᠶᠠᠨ ᠲᠠᠷᠤᠭ᠎ᠠ ᠭᠠᠨᠭ᠍ᠵᠤᠷᠢᠭ᠂ ᠭᠠᠬᠢᠯ ᠰᠤᠮᠤᠨ ᠤ ᠤᠳᠤᠷᠢᠳᠬᠤ ᠪᠠᠭ ᠤᠨ ᠬᠡᠰᠢᠭᠦᠳ ᠵᠢᠴᠢ ᠪᠦᠬᠦ ᠬᠤᠰᠢᠭᠤᠨ ᠤ 2500 ᠰᠢᠬᠠᠮ ᠦᠵᠡᠭᠴᠢᠳ ᠬᠠᠮᠳᠤᠪᠡᠷ ᠲᠤᠭᠯᠠᠯᠳᠠ ᠶᠢ ᠰᠤᠨᠢᠷᠬᠠᠭᠰᠠᠨ ᠪᠠᠶᠢᠨ᠎ᠠ᠃      ᠭᠠᠬᠢᠯ ᠰᠤᠮᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠪᠠᠶᠢᠷᠢᠯᠠᠭᠤᠯᠤᠯᠳᠠ ᠪᠠᠷ᠂ ᠰᠤᠮᠤᠨ ᠤ ᠰᠤᠶᠤᠯ ᠤᠨ ᠦᠷᠳᠡᠭᠡ ᠨᠢ ᠨᠠᠷᠢᠨ ᠨᠢᠮᠪᠡᠢ ᠲᠦᠰᠦᠪᠯᠡᠨ ᠪᠦᠬᠦ ᠰᠤᠮᠤᠨ ᠤ 6 ᠭᠠᠴᠠᠭ᠎ᠠ ᠪᠠᠷ ᠪᠦᠷᠢᠯᠳᠦᠭᠰᠡᠨ ᠠᠵᠢᠯ  ᠤᠨ ᠴᠢᠯᠦᠭᠡᠨ ᠤ ᠤᠯᠭᠠᠨᠮᠦ᠋ᠴᠢᠷ ᠤᠨ ᠲᠤᠭᠯᠠᠭᠴᠢᠳ ᠤᠨ ᠢᠳᠡᠪᠬᠢᠳᠡᠢ ᠬᠠᠪᠰᠤᠷᠤᠯᠭ᠎ᠠ ᠪᠠᠷ᠂ ᠦᠵᠡᠭᠴᠢᠳ ᠲᠤ ᠭᠤᠶᠢᠳᠠ ᠰᠠᠶᠢᠬᠠᠨ ᠤᠷᠠᠯᠢᠭ ᠤᠨ ᠲᠤᠭᠯᠠᠯᠳᠠ ᠪᠠᠨ ᠡᠷᠭᠦᠵᠦ᠂ ᠲᠤᠭᠯᠠᠭᠴᠢᠳ ᠠᠴᠠ ᠰᠡᠳᠬᠢᠯ ᠬᠦᠳᠡᠯᠭᠡᠮ᠎ᠡ ᠲᠠᠭᠤᠤ ᠪᠦᠵᠢᠭ ᠢᠶᠠᠷ ᠮᠠᠯᠴᠢᠨ ᠠᠷᠠᠳ ᠤᠨ ᠨᠠᠮ᠂ ᠡᠬᠡ ᠤᠯᠤᠰ᠂ ᠡᠬᠡ ᠨᠤᠳᠤᠭ ᠲᠠᠭᠠᠨ ᠬᠡᠰᠡᠨ ᠭᠠᠯ ᠬᠠᠯᠠᠭᠤᠨ ᠰᠡᠳᠬᠢᠯᠭᠡ ᠶᠢ ᠬᠠᠷᠠᠭᠤᠯᠤᠭᠰᠠᠨ ᠪᠠᠶᠢᠨ᠎ᠠ᠃      ᠲᠤᠭᠯᠠᠯᠳᠠ ᠨᠢ《ᠡᠷᠳᠡ ᠶᠢᠨ ᠴᠠᠭᠠᠨ ᠪᠤᠶᠠᠨ》 ᠢᠶᠠᠷ ᠭᠦᠰᠢᠭᠡ ᠪᠠᠨ ᠰᠡᠭᠦᠵᠦ᠂ ᠦᠵᠦᠮᠦᠴᠢᠨ ᠤᠷᠳᠤ  ᠶᠢᠨ ᠲᠠᠭᠤᠤ  ᠂ ᠬᠤᠭᠤᠷ ᠶᠠᠩᠴᠢᠨ ᠤ ᠬᠤᠤᠰᠯᠠᠯ  ᠂ ᠲᠠᠭᠠᠷᠢᠯᠴᠠᠭ᠎ᠠ᠂ ᠪᠦᠵᠢᠭ᠂ ᠬᠠᠮᠳᠤᠯᠢᠭ ᠤᠨ ᠲᠠᠭᠤᠤ  ᠂ ᠨᠠᠶᠢᠷᠠᠯ ᠰᠢᠯᠦᠭ ᠵᠡᠷᠭᠡ 12 ᠲᠦᠷᠦᠯ ᠤᠨ16 ᠲᠤᠭᠯᠠᠯᠳᠠ ᠪᠠᠷ ᠪᠦᠷᠢᠯᠳᠦᠵᠦ᠂ ᠭᠤᠶᠢᠳᠠ ᠰᠠᠶᠢᠬᠠᠨ ᠤᠷᠠᠯᠢᠭ ᠤᠨ ᠲᠤᠭᠯᠠᠯᠳᠠ ᠨᠢ ᠮᠠᠯᠴᠢᠨ ᠠᠷᠠᠳ ᠤᠨ ᠨᠠᠮ ᠪᠠ ᠡᠬᠡ ᠤᠷᠤᠨ ᠳᠠᠭᠠᠨ ᠬᠢᠵᠠᠭᠠᠯᠠᠰᠢ ᠦᠭᠡᠢ ᠬᠠᠶᠢᠷᠠᠳᠠᠢ ᠪᠡ ᠴᠢᠩ ᠰᠡᠳᠬᠢᠯ ᠤᠨ ᠵᠦᠡᠭᠨᠡᠯ ᠢ ᠬᠦᠢᠴᠡᠳ ᠢᠯᠡᠷᠡᠭᠦᠯᠦᠨ᠂《ᠮᠢᠨᠤ ᠨᠤᠳᠤᠭ ᠭᠠᠬᠢᠯ 》ᠭᠡᠰᠡᠨ ᠬᠠᠮᠳᠤ ᠶᠢᠨ ᠲᠠᠭᠤᠨ ᠤ ᠲᠤᠮᠳᠠ ᠦᠨᠳᠦᠷᠯᠡᠭᠰᠡᠨ ᠪᠠᠶᠢᠨ᠎ᠠ᠃
 
ᠢᠷᠡᠯᠲᠡ᠄ ᠭᠠᠬᠢᠯ ᠰᠤᠮᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号