ᠨᠠᠮ ᠤᠨ ᠲᠤᠭ ᠨᠠᠮᠢᠷᠠᠩᠬᠠᠨ ᠲᠤᠯᠤᠭᠠᠨ ᠰᠠᠷ᠎ᠠ ᠪᠠᠨ ᠤᠭᠳᠤᠵᠤ᠂ ᠠᠮᠵᠢᠯᠳᠠ ᠶᠢᠨ ᠢᠷᠠᠭᠤ ᠲᠠᠭᠤᠨ | ᠬᠠᠨᠭ᠍ᠬᠢᠨᠠᠮ᠃ 7 ᠰᠠᠷ᠎ᠠ 14 ᠤᠷᠤᠢ᠂ ᠦᠵᠦᠮᠦᠴᠢᠨ ᠠᠭᠤᠳᠠᠮ ᠲᠠᠯᠠᠪᠠᠢ ᠦᠡᠭᠭᠡ ᠶᠢᠨ ᠬᠡᠷᠡᠯ ᠲᠤᠸᠠᠯᠠᠨ | ᠬᠢᠯᠠᠯᠵᠠᠵᠤ᠂ ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠤᠢ ᠶᠢ ᠪᠡᠯᠭᠡᠯᠡᠬᠦ ᠵᠢᠴᠢ ᠪᠦᠬᠦ | ᠠᠶᠢᠮᠠᠭ ᠤᠨ ᠤᠶᠤᠨ ᠤ ᠪᠤᠯᠪᠠᠰᠤᠨ ᠤ ᠠᠬᠤᠢ ᠲᠠᠯᠠᠪᠠᠢ ᠶᠢᠨ ᠬᠤᠷᠠᠯ ᠢ ᠤᠭᠳᠤᠬᠤ ᠬᠤᠰᠢᠭᠤ ᠨᠠᠮ ᠤᠨ ᠬᠤᠷᠢᠶᠠᠨ | ᠤ ᠤᠬᠠᠭᠤᠯᠬᠤ ᠬᠡᠯᠳᠡᠰ᠂ ᠬᠤᠰᠢᠭᠤ ᠰᠤᠶᠤᠯ ᠪᠠᠶ᠎ᠡ ᠲᠠᠮᠢᠷ ᠷᠠᠳᠢᠤ᠋ ᠺᠢᠨᠤ᠋ ᠲᠧᠯᠸᠢᠰ ᠵᠢᠭᠤᠯᠴᠢᠯᠠᠯ ᠤᠨ ᠲᠤᠪᠴᠢᠶᠠᠨ | ᠠᠴᠠ ᠭᠤᠤᠯᠯᠠᠨ ᠡᠷᠬᠢᠯᠡᠵᠦ᠂ ᠬᠤᠰᠢᠭᠤ ᠰᠤᠶᠤᠯ ᠤᠨ ᠤᠷᠳᠤᠨ ᠠᠴᠠ ᠲᠠᠭᠠᠭᠠᠴᠢᠯᠠᠨ ᠡᠷᠬᠢᠯᠡᠭᠰᠡᠨ 2017 ᠤᠨ | ᠤ ᠠᠵᠢᠯ ᠤᠨ ᠴᠢᠯᠦᠭᠡᠨ ᠤ ᠤᠯᠠᠭᠠᠨᠮᠦ᠋ᠴᠢᠷ — ᠭᠠᠬᠢᠯ ᠰᠤᠮᠤᠨ ᠤ《ᠭᠡᠰᠢᠭ ᠬᠤᠷᠤᠶᠢᠯᠠᠭᠰᠠᠨ ᠨᠤᠳᠤᠭ 》ᠠᠵᠢᠯ | ᠤᠨ ᠴᠢᠯᠦᠭᠡᠨ ᠤ ᠤᠯᠠᠭᠠᠨᠮᠦ᠋ᠴᠢᠷ ᠤᠨ ᠲᠤᠭᠯᠠᠯᠳᠠ ᠠᠳᠡ ᠠᠮᠵᠢᠯᠳᠠ ᠲᠠᠢ ᠶᠠᠪᠤᠭᠳᠠᠭᠰᠠᠨ ᠪᠠᠶᠢᠨ᠎ᠠ᠃ ᠬᠤᠰᠢᠭᠤ | ᠰᠤᠶᠤᠯ ᠪᠠᠶ᠎ᠡ ᠲᠠᠮᠢᠷ ᠷᠠᠳᠢᠤ᠋ ᠺᠢᠨᠤ᠋ ᠲᠧᠯᠸᠢᠰ ᠵᠢᠭᠤᠯᠴᠢᠯᠠᠯ ᠤᠨ ᠲᠤᠪᠴᠢᠶᠠᠨ ᠤ ᠨᠠᠮ ᠤᠨ ᠬᠤᠷᠢᠶᠠᠨ ᠤ ᠱᠦᠵᠢ᠂ | ᠲᠤᠪᠴᠢᠶᠠᠨ ᠲᠠᠷᠤᠭ᠎ᠠ ᠮᠦᠡᠭᠬᠡᠪᠠᠭᠠᠳᠤᠷ᠂ ᠲᠡᠳ᠋ ᠲᠤᠪᠴᠢᠶᠠᠨ ᠲᠠᠷᠤᠭ᠎ᠠ ᠭᠠᠨᠭ᠍ᠵᠤᠷᠢᠭ᠂ ᠭᠠᠬᠢᠯ ᠰᠤᠮᠤᠨ ᠤ | ᠤᠳᠤᠷᠢᠳᠬᠤ ᠪᠠᠭ ᠤᠨ ᠬᠡᠰᠢᠭᠦᠳ ᠵᠢᠴᠢ ᠪᠦᠬᠦ ᠬᠤᠰᠢᠭᠤᠨ ᠤ 2500 ᠰᠢᠬᠠᠮ ᠦᠵᠡᠭᠴᠢᠳ ᠬᠠᠮᠳᠤᠪᠡᠷ | ᠲᠤᠭᠯᠠᠯᠳᠠ ᠶᠢ ᠰᠤᠨᠢᠷᠬᠠᠭᠰᠠᠨ ᠪᠠᠶᠢᠨ᠎ᠠ᠃ | ᠭᠠᠬᠢᠯ ᠰᠤᠮᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠤ ᠪᠠᠶᠢᠷᠢᠯᠠᠭᠤᠯᠤᠯᠳᠠ ᠪᠠᠷ᠂ ᠰᠤᠮᠤᠨ ᠤ | ᠰᠤᠶᠤᠯ ᠤᠨ ᠦᠷᠳᠡᠭᠡ ᠨᠢ ᠨᠠᠷᠢᠨ ᠨᠢᠮᠪᠡᠢ ᠲᠦᠰᠦᠪᠯᠡᠨ ᠪᠦᠬᠦ ᠰᠤᠮᠤᠨ ᠤ 6 ᠭᠠᠴᠠᠭ᠎ᠠ ᠪᠠᠷ ᠪᠦᠷᠢᠯᠳᠦᠭᠰᠡᠨ ᠠᠵᠢᠯ | ᠤᠨ ᠴᠢᠯᠦᠭᠡᠨ ᠤ ᠤᠯᠭᠠᠨᠮᠦ᠋ᠴᠢᠷ ᠤᠨ ᠲᠤᠭᠯᠠᠭᠴᠢᠳ ᠤᠨ ᠢᠳᠡᠪᠬᠢᠳᠡᠢ ᠬᠠᠪᠰᠤᠷᠤᠯᠭ᠎ᠠ ᠪᠠᠷ᠂ ᠦᠵᠡᠭᠴᠢᠳ ᠲᠤ | ᠭᠤᠶᠢᠳᠠ ᠰᠠᠶᠢᠬᠠᠨ ᠤᠷᠠᠯᠢᠭ ᠤᠨ ᠲᠤᠭᠯᠠᠯᠳᠠ ᠪᠠᠨ ᠡᠷᠭᠦᠵᠦ᠂ ᠲᠤᠭᠯᠠᠭᠴᠢᠳ ᠠᠴᠠ ᠰᠡᠳᠬᠢᠯ ᠬᠦᠳᠡᠯᠭᠡᠮ᠎ᠡ | ᠲᠠᠭᠤᠤ ᠪᠦᠵᠢᠭ ᠢᠶᠠᠷ ᠮᠠᠯᠴᠢᠨ ᠠᠷᠠᠳ ᠤᠨ ᠨᠠᠮ᠂ ᠡᠬᠡ ᠤᠯᠤᠰ᠂ ᠡᠬᠡ ᠨᠤᠳᠤᠭ ᠲᠠᠭᠠᠨ ᠬᠡᠰᠡᠨ ᠭᠠᠯ ᠬᠠᠯᠠᠭᠤᠨ | ᠰᠡᠳᠬᠢᠯᠭᠡ ᠶᠢ ᠬᠠᠷᠠᠭᠤᠯᠤᠭᠰᠠᠨ ᠪᠠᠶᠢᠨ᠎ᠠ᠃ | ᠲᠤᠭᠯᠠᠯᠳᠠ ᠨᠢ《ᠡᠷᠳᠡ ᠶᠢᠨ ᠴᠠᠭᠠᠨ ᠪᠤᠶᠠᠨ》 ᠢᠶᠠᠷ ᠭᠦᠰᠢᠭᠡ ᠪᠠᠨ ᠰᠡᠭᠦᠵᠦ᠂ ᠦᠵᠦᠮᠦᠴᠢᠨ ᠤᠷᠳᠤ | ᠶᠢᠨ ᠲᠠᠭᠤᠤ ᠂ ᠬᠤᠭᠤᠷ ᠶᠠᠩᠴᠢᠨ ᠤ ᠬᠤᠤᠰᠯᠠᠯ ᠂ ᠲᠠᠭᠠᠷᠢᠯᠴᠠᠭ᠎ᠠ᠂ ᠪᠦᠵᠢᠭ᠂ ᠬᠠᠮᠳᠤᠯᠢᠭ ᠤᠨ ᠲᠠᠭᠤᠤ ᠂ | ᠨᠠᠶᠢᠷᠠᠯ ᠰᠢᠯᠦᠭ ᠵᠡᠷᠭᠡ 12 ᠲᠦᠷᠦᠯ ᠤᠨ16 ᠲᠤᠭᠯᠠᠯᠳᠠ ᠪᠠᠷ ᠪᠦᠷᠢᠯᠳᠦᠵᠦ᠂ ᠭᠤᠶᠢᠳᠠ ᠰᠠᠶᠢᠬᠠᠨ ᠤᠷᠠᠯᠢᠭ ᠤᠨ | ᠲᠤᠭᠯᠠᠯᠳᠠ ᠨᠢ ᠮᠠᠯᠴᠢᠨ ᠠᠷᠠᠳ ᠤᠨ ᠨᠠᠮ ᠪᠠ ᠡᠬᠡ ᠤᠷᠤᠨ ᠳᠠᠭᠠᠨ ᠬᠢᠵᠠᠭᠠᠯᠠᠰᠢ ᠦᠭᠡᠢ ᠬᠠᠶᠢᠷᠠᠳᠠᠢ ᠪᠡ ᠴᠢᠩ | ᠰᠡᠳᠬᠢᠯ ᠤᠨ ᠵᠦᠡᠭᠨᠡᠯ ᠢ ᠬᠦᠢᠴᠡᠳ ᠢᠯᠡᠷᠡᠭᠦᠯᠦᠨ᠂《ᠮᠢᠨᠤ ᠨᠤᠳᠤᠭ ᠭᠠᠬᠢᠯ 》ᠭᠡᠰᠡᠨ ᠬᠠᠮᠳᠤ ᠶᠢᠨ ᠲᠠᠭᠤᠨ ᠤ | ᠲᠤᠮᠳᠠ ᠦᠨᠳᠦᠷᠯᠡᠭᠰᠡᠨ ᠪᠠᠶᠢᠨ᠎ᠠ᠃ | | |