ᠨᠣᠭᠤᠭᠠᠨ ᠣᠳᠠᠢ
ᠨᠡᠶᠢᠲᠡᠯᠡᠭᠰᠡᠨ ᠴᠠᠭ᠄
2017/5/4
     ᠣᠳᠣ  ᠶᠢᠨ ᠡᠵᠢᠨᠠᠭᠤᠷ ᠪᠠᠯᠭᠠᠰᠤᠨ ᠤ ᠡᠷᠳᠡᠨᠢᠳᠠᠯᠠᠢ ᠭᠠᠴᠠᠭᠠᠨ ᠳᠤ ᠪᠤᠢ᠃ ᠡᠷᠳᠡᠨ   ᠤ ᠮᠣᠩᠭᠤᠯᠴᠣᠳ  ᠤᠨ ᠠᠯᠳᠠᠷᠲᠦ ᠮᠦᠷᠬᠦᠯ ᠰᠢᠳᠣᠯᠬᠡ ᠶᠢᠨ ᠣᠷᠣᠨ — ᠲᠠᠪᠣᠨ ᠣᠳᠠᠢ ᠶᠢᠨ ᠨᠢᠬᠡ ᠶᠤᠮ᠃ ᠪᠠᠰᠠ ︽ᠠᠪᠣᠷᠠᠯ  ᠨᠢᠬᠦᠯᠡᠰᠣᠩᠬᠦᠶᠢᠳᠤ  ᠠᠭᠤᠯᠠ ᠶᠢᠨ ᠣᠷᠣᠨ︾ ᠬᠡᠳᠡᠭ᠃  ᠣᠷᠣᠰ  ᠤᠨ ᠰᠣᠳᠣᠯᠣᠭᠠᠴᠢ  ᠠ᠊᠂  ᠮᠠ᠊᠂  ᠫᠥᠽᠳ᠋ᠨᠧᠶᠧ 1893  ᠣᠨ  ᠳᠤ ᠡᠭᠦᠪᠡᠷ ᠥᠩᠭᠡᠷᠡᠬᠦ   ᠳᠡᠭᠡᠨ ︽ᠣᠳᠠᠢ  ᠶᠢᠨ ᠠᠭᠤᠯᠠ  ᠶᠢᠨ ᠠᠯᠳᠠᠷ  ᠬᠤᠯᠠ ᠣᠶᠢᠷ᠎ᠠ  ᠳᠤ  ᠲᠠᠭᠤᠷᠢᠰᠣᠭᠰᠠᠨ ᠪᠠᠶᠢᠳᠠᠭ︾  ᠭᠡᠮᠡᠨ ᠲᠡᠮᠳᠡᠭᠯᠠᠰᠡᠨ ᠪᠠᠶᠢᠳᠠᠭ᠃      ᠨᠣᠭᠤᠭᠠᠨ ᠣᠳᠠᠢ  ᠮᠥᠷᠭᠦᠯ   ᠤᠨ ᠣᠷᠣᠨ  ᠢ ︽ᠪᠠᠷᠠᠭᠤᠨ ᠣᠷᠣᠨ︾᠂ ︽ᠲᠣᠣᠷ᠎ᠠ ᠣᠷᠣᠨ︾᠂ ︽ᠵᠡᠭᠦᠨ ᠣᠷᠣᠨ︾ ᠭᠡᠵᠣ ᠬᠤᠪᠢᠶᠠᠳᠠᠭ᠃ ︽ ᠪᠠᠷᠠᠭᠤᠨ ᠣᠷᠣᠨ︾ ᠨᠢ ᠠᠶᠠᠨᠳᠠᠭᠠᠨ ᠪᠦᠳᠤᠭ᠍ᠰᠡᠨ ᠪᠣᠷᠬᠠᠨ‌‍ᠲ᠋ᠦ᠋ᠷᠢ ᠲᠦᠷᠬᠦ ᠲᠠᠢ  ᠴᠢᠯᠠᠭᠤᠳ ᠪᠠ ᠰᠡᠨᠵᠢ  ᠬᠠᠳᠠ ᠲᠠᠢ ᠪᠠᠶᠢᠵᠣ᠂ ︽ ᠲᠣᠣᠷ᠎ᠠ ᠣᠷᠣᠨ︾ ᠨᠢ  ᠲᠣᠯᠣᠭᠠᠨ ᠪᠣᠷᠣ ᠲᠣᠯᠣᠭᠠᠢ  ᠭᠡᠵᠣ  ᠲᠣᠮᠤᠭ ᠶᠠᠷᠢᠶᠠᠨ  ᠳᠤ ᠭᠠᠷᠳᠠᠭ ᠲᠣᠯᠣᠭᠠᠨ ᠯᠣᠣᠰ ᠣᠷᠣᠰᠢᠭᠰᠠᠨ ᠭᠠᠵᠠᠷ  ᠭᠡᠵᠣ ᠶᠡᠭᠡᠰ ᠲᠡᠭᠡᠳᠣᠰ  ᠤᠨ ᠱᠠᠷᠢᠯ  ᠤᠨ ᠰᠣᠪᠣᠷᠭ᠎ᠠ ᠪᠠᠶᠢᠳᠠᠭ᠃ ︽ᠵᠡᠭᠦᠨ ᠣᠷᠣᠨ︾   ᠳᠤᠨᠢ ᠠᠶᠠᠨᠳᠠᠭᠠᠨ ᠪᠥᠳᠥᠭᠰᠡᠨ ᠮᠠᠶᠢᠳᠠᠷ ᠪᠣᠷᠬᠠᠨ᠂ ᠯᠾᠮᠤ ᠪᠤᠷᠬᠠᠨ ᠠᠶᠣᠰᠢ ᠪᠣᠷᠬᠠᠨ ᠭᠡᠬᠦ ᠮᠡᠳᠣ  ᠣᠯᠠᠨ ᠬᠦᠷᠦᠭ ᠪᠠᠶᠢᠬᠤ ᠪᠦᠭᠡᠳ  ᠰᠠᠨᠰᠺᠷᠢᠲ᠂  ᠲᠥᠪᠡᠳ᠂  ᠮᠣᠩᠭᠤᠯ ᠲᠠᠷᠨᠢ  ᠶᠢᠨ ᠥᠰᠥᠭ  ᠤᠳ ᠪᠠᠶᠢᠳᠠᠭ ᠪᠢᠯᠡ᠃      ᠨᠣᠭᠤᠭᠠᠨ ᠣᠳᠠᠢ  ᠶᠢᠨ ᠠᠭᠤᠢ  ᠶᠢᠨ ᠠᠮᠠᠰᠠᠷ ᠨᠢ ᠪᠠᠷᠠᠭᠤᠨ ᠲᠠᠰᠢ ᠬᠠᠨᠳᠣᠵᠣ᠂  ᠭᠥᠨ ᠨᠢ 13 m᠂  ᠬᠠᠮᠤᠭ ᠥᠨᠳᠥᠷ  ᠬᠡᠰᠡᠭ ᠨᠢ 3m  ᠪᠠᠶᠢᠵᠣ᠂ ᠰᠣᠶᠣᠯᠳᠣ ᠲᠠᠪᠬᠤᠷᠭ᠎ᠠ ᠨᠢ ᠮᠠᠰᠢ ᠵᠣᠵᠠᠭᠠᠨ ᠪᠠᠶᠢᠭᠰᠠᠨ ᠶᠣᠮ᠃  ᠰᠥᠮ᠎ᠡ  ᠶᠢᠨ ᠣᠪᠣᠭ᠎ᠠ ᠨᠢ ᠬᠤᠶᠢᠳᠣ ᠲᠠᠯ᠎ᠠ  ᠶᠢᠨ ᠠᠭᠤᠯᠠᠨ  ᠳᠤ ᠪᠠᠶᠢᠷᠢᠯᠠᠵᠣ᠂  ᠣᠳᠣᠬᠠᠨ ᠲᠠᠬᠢᠯᠭ᠎ᠠ ᠮᠥᠷᠭᠦᠯ  ᠬᠢᠬᠦ ᠪᠠᠨ ᠪᠣᠯᠢᠭᠰᠠᠨ ᠪᠠᠶᠢᠨ᠎ᠠ᠃      ᠨᠣᠭᠤᠭᠠᠨ ᠣᠳᠠᠢ  ᠶᠢᠨ ᠰᠥᠮ᠎ᠡ   ᠶᠢ ᠪᠠᠰᠠ ︽ᠠᠪᠣᠷᠠᠯ ᠨᠢᠭᠦᠯᠡᠰᠥᠩᠭᠦᠢ  ᠰᠥᠮ᠎ᠡ︾ ᠭᠡᠳᠡᠭ᠃  ᠠᠩᠬ᠎ᠠ ᠪᠠᠶᠢᠭᠤᠯᠣᠭᠰᠠᠨ ᠣᠨ ᠨᠢ ᠲᠣᠳᠣᠷᠬᠠᠢ ᠪᠣᠰᠣ ᠪᠣᠯᠪᠠᠴᠣ  ᠮᠥᠷᠭᠦᠯ ᠬᠢᠵᠣ  ᠡᠬᠢᠯᠡᠭᠰᠡᠨ ᠴᠠᠭ   ᠨᠢ 1893 ᠣᠨ  ᠠᠴᠠ ᠡᠷᠲᠠ ᠪᠠᠶᠢᠬᠤ ᠨᠢ ᠲᠣᠳᠣᠷᠬᠠᠢ ᠪᠢᠯᠡ᠃ ᠡᠨᠡ ᠰᠥᠮ᠎ᠡ 1945  ᠣᠨ  ᠤ ᠲᠠᠶᠢᠨ  ᠤ  ᠬᠥᠯ   ᠳᠤ ᠥᠷᠡᠭᠳᠡᠵᠡᠢ᠃ ᠣᠳᠣ ᠪᠠᠶᠢᠭ᠎ᠠ ᠪᠠᠭᠤᠷᠢ  ᠶᠢᠨ ᠬᠡᠮᠵᠢᠶ᠎ᠠ  ᠣᠷᠲᠣ ᠨᠢ1000 m᠂  ᠥᠷᠭᠡᠨ   ᠨᠢ 200 m᠂  ᠭᠤᠣᠯ ᠲᠣᠭᠠᠩ ᠨᠢ ᠲᠥᠪ ᠲᠣᠮᠳᠠ  ᠪᠠᠨ ᠪᠠᠶᠢᠷᠢᠯᠠᠵᠣ 40 X 25 m  ᠬᠡᠮᠵᠢᠶᠡᠲᠡᠢ ︵ ᠣᠳᠣ ᠪᠠᠶᠢᠭ᠎ᠠ ᠰᠠᠭᠤᠷᠢ  ᠶᠢᠨ ᠥᠨᠳᠥᠷ ᠨᠢ0.6 m  ᠥᠷᠭᠡᠨ   ᠨᠢ 1.5 m︶᠃ ᠬᠠᠭᠠᠯᠭ᠎ᠠ ᠨᠢ ᠡᠮᠣᠨ᠎ᠡ ᠭᠡᠷᠡᠮ  ᠤᠨ ᠲᠥᠪ ᠲᠣᠮᠳᠠ ᠨᠢ ᠣᠷᠣᠰᠢᠵᠣ᠂  ᠥᠷᠭᠡᠨ ᠨᠢ 4m  ᠪᠠᠶᠢᠨ᠎ᠠ᠃  ᠭᠤᠣᠯ ᠲᠣᠭᠠᠩ  ᠤᠨ ᠵᠠᠭᠦᠨ ᠲᠠᠯ᠎ᠠ  ᠳᠤ ᠬᠤᠶᠠᠷ ᠬᠠᠰᠢᠶ᠎ᠠ᠂  ᠭᠤᠷᠪᠠᠨ ᠪᠠᠶᠢᠰᠢᠩ  ᠤᠨ ᠰᠠᠭᠤᠷᠢ᠂  ᠪᠠᠷᠠᠭᠤᠨ ᠲᠠᠯ᠎ᠠ   ᠳᠤᠨᠢ   ᠨᠠᠢᠮᠠᠨ ᠬᠠᠰᠢᠶ᠎ᠠ᠂  ᠲᠣᠯᠣᠭᠠᠨ ᠪᠠᠶᠢᠰᠢᠩ  ᠤᠨ ᠰᠠᠭᠤᠷᠢ ᠪᠠᠶᠢᠵᠣ᠂ ᠡᠮᠣᠨ᠎ᠡ ᠲᠠᠯ᠎ᠠ   ᠳᠤᠨᠢ ᠲᠠᠪᠣᠨ ᠪᠠᠶᠢᠰᠢᠩ᠂  ᠬᠠᠰᠢᠶᠠᠨ  ᠤ ᠰᠠᠭᠤᠷᠢ ᠪᠠᠶᠢᠭᠰᠠᠨ  ᠨᠢ ᠲᠣᠳᠣᠷᠬᠠᠢ ᠮᠡᠳᠡᠭᠳᠡᠨ᠎ᠡ᠃  ᠬᠤᠶᠢᠳᠣ ᠲᠠᠯ᠎ᠠ ᠳᠤᠨᠢ 20m   ᠤᠨ ᠵᠠᠢ  ᠳᠤ 40 X 37 m   ᠤᠨ ᠬᠡᠮᠵᠢᠶᠡᠲᠡᠢ ᠲᠣᠰᠠᠭᠠᠷ ᠬᠠᠰᠢᠶᠠᠨ ᠲᠣᠳᠣᠷ᠎ᠠ  ᠭᠤᠷᠪᠠᠨ ᠪᠠᠶᠢᠰᠢᠩ  ᠤᠨ ᠰᠠᠭᠤᠷᠢ ᠢᠯᠡ ᠲᠣᠳᠣ ᠮᠡᠳᠡᠭᠳᠡᠨ᠎ᠡ᠃ ᠡᠭᠦᠨ  ᠠᠴᠠ ᠭᠠᠳᠠᠨ᠎ᠠ ᠶᠡᠷᠥᠩᠭᠡᠢ ᠲᠠᠯᠠᠪᠠᠢ ᠨᠢ 7365 m  ᠬᠡᠮᠵᠢᠶᠡᠲᠡᠢ ︽ᠣᠳᠠᠢ︾ ᠨᠡᠷᠡᠲᠣ ᠰᠥᠮ᠎ᠡ  ᠶᠢᠨ ᠪᠠᠭᠤᠷᠢ  ᠪᠠ ᠶᠡᠷᠥᠩᠭᠡᠢ ᠲᠠᠯᠠᠪᠡᠢ   ᠨᠢ 6062 m  ᠬᠡᠮᠵᠢᠶᠡᠲᠡᠢ ︽ᠨᠣᠭᠤᠭᠠᠨ ᠣᠳᠠᠢ ᠰᠢᠨ᠎ᠡ ᠰᠥᠮ᠎ᠡ︾ ᠵᠡᠷᠭᠡ  ᠠᠴᠠ ᠮᠠᠰᠢ ᠥᠯᠡᠮᠵᠢ ᠲᠣᠭᠠᠨ  ᠤ ᠪᠠᠷᠢᠯᠭ᠎ᠠ ᠪᠠᠶᠢᠰᠢᠩ᠂ ᠬᠠᠰᠢᠶ᠎ᠠ ᠰᠠᠷᠠᠪᠴᠢ  ᠵᠢᠴᠢ ᠣᠯᠠᠨ ᠲᠣᠭᠠᠨ  ᠤ  ᠪᠠᠷᠢᠯᠭ᠎ᠠ  ᠶᠢᠨ ᠮᠠᠲ᠋ᠧᠷᠢᠶᠠᠯ᠂  ᠸᠠᠭᠠᠷ ᠲᠣᠭᠤᠰᠬᠠᠨ  ᠤ ᠬᠠᠭᠠᠷᠬᠠᠢ᠂  ᠱᠠᠭᠠᠵᠠᠩ  ᠤᠨ ᠬᠠᠭᠠᠷᠬᠠᠢ᠂   ᠲᠡᠮᠥᠷ ᠡᠳ᠋ᠯᠡᠯ᠂ ᠴᠢᠯᠠᠭᠤᠨ ᠰᠡᠶᠢᠯᠣᠮᠠᠯ ᠣᠯᠳᠠᠵᠣ ᠪᠣᠢ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号