ᠡᠵᠢᠨᠠᠭᠤᠷ ᠪᠠᠯᠭᠠᠰᠤᠨ ᠤ ᠪᠠᠳᠠᠷᠠᠬᠤ ᠭᠠᠴᠠᠭᠠᠨ ᠤ ᠨᠤᠳᠤᠭ ᠲᠠᠬᠢ ᠵᠢᠩᠰᠡᠳᠤ ᠬᠠᠶᠢᠷᠬᠠᠨ ᠠᠭᠤᠯᠠᠨ ᠳᠤ ᠪᠤᠢ | ᠃ ᠠᠭᠤᠢ ᠶᠢᠨ ᠠᠮᠠᠰᠠᠷ ᠪᠠᠷᠠᠭᠤᠨ ᠬᠤᠶᠢᠳᠤ ᠵᠦᠭ ᠬᠠᠨᠳᠤᠭᠰᠠᠨ᠂ ᠥᠷᠭᠡᠨ ᠨᠢ 16 ᠮᠧᠲᠷ᠂ ᠬᠦᠨ ᠨᠢ 24 | ᠮᠧᠲᠷ᠂ ᠰᠣᠶᠣᠯᠳᠣ ᠲᠠᠪᠬᠤᠷᠭ᠎ᠠ ᠶᠢᠨ ᠵᠤᠵᠠᠭᠠᠨ ᠨᠢ 5 ᠮᠧᠲᠷ ᠪᠠᠶᠢᠳᠠᠭ᠃ | ᠠᠳᠡ2000 — 2001 ᠣᠨ ᠤ ᠬᠤᠭᠤᠷᠣᠨᠳᠣ 80 ᠺᠦᠸᠠᠳ᠋ ᠮᠧᠲᠷ ᠲᠠᠯᠠᠪᠠᠢ ᠳᠤ ᠬᠤᠶᠠᠷ | ᠣᠳᠠᠭᠠᠨ ᠤ ᠮᠠᠯᠲᠠᠯᠭ᠎ᠠ ᠬᠢᠵᠣ᠂ ᠭᠤᠷᠪᠠᠨ ᠲᠠᠪᠬᠤᠷᠭ᠎ᠠ ᠬᠤᠪᠢᠶᠠᠭᠳᠠᠭᠰᠠᠨ ᠢ ᠲᠣᠳᠣᠷᠠᠭᠤᠯᠪᠠ᠃ ᠬᠠᠮᠤᠭ ᠤᠨ | ᠲᠤᠤᠷᠠᠳᠤ ᠲᠠᠪᠬᠤᠷᠭ᠎ᠠ ᠠᠴᠠ ᠬᠠᠭᠤᠴᠢᠨ ᠴᠢᠯᠠᠭᠤᠨ ᠵᠡᠪᠰᠡᠭ ᠤᠨ ᠦᠶ᠎ᠡ ᠶᠢᠨ ᠴᠢᠯᠠᠭᠤᠨ ᠵᠡᠪᠰᠡᠭ 1332 | ᠰᠢᠷᠭᠡᠭ ᠪᠠ ᠠᠮᠢᠳᠠᠳ ᠤᠨ ᠶᠠᠰᠤ ᠢᠯᠡᠷᠡᠪᠡ᠃ ᠲᠣᠮᠳᠠ ᠲᠠᠪᠬᠤᠷᠭ᠎ᠠ ᠠᠴᠠ ᠬᠠᠭᠤᠴᠢᠨ ᠴᠢᠯᠠᠭᠤᠨ ᠵᠡᠪᠰᠡᠭ ᠤᠨ | ᠲᠤᠮᠳᠠ᠂ ᠰᠡᠬᠦᠯᠴᠢ ᠦᠶ᠎ᠡ ᠶᠢᠨ ᠴᠢᠯᠠᠭᠤᠨ ᠵᠡᠪᠰᠡᠭ ᠢ 1300 ᠭᠠᠷᠣᠢ ᠪᠠ ᠲᠠᠬᠢ᠂ ᠬᠡᠷᠢᠰ᠂ ᠬᠠᠪᠲᠠᠭᠠᠢ᠂ | ᠪᠣᠭᠤ ᠵᠡᠷᠭᠡ ᠠᠮᠢᠳᠠᠳ ᠤᠨ ᠶᠠᠰᠤ ᠢᠯᠡᠷᠡᠪᠡ᠃ ᠬᠠᠮᠤᠭ ᠲᠡᠭᠡᠳᠤ ᠲᠠᠪᠬᠤᠷᠭ᠎ᠠ ᠠᠴᠠ ᠶᠡᠭᠡ ᠬᠡᠮᠵᠢᠶᠡᠨ ᠤ | ᠦᠨᠡᠰᠤᠨ ᠬᠦᠬᠡ ᠪᠡ ᠬᠠᠷ᠎ᠠ ᠦᠡᠭᠭᠡ ᠲᠠᠢ ᠸᠠᠭᠠᠷ ᠤᠨ ᠡᠳ᠋ᠯᠡᠯ ᠤᠨ ᠬᠠᠭᠠᠷᠬᠠᠢ ᠪᠠ ᠨᠠᠷᠢᠯᠢᠭ ᠴᠢᠯᠠᠭᠤᠨ ᠵᠡᠪᠰᠡᠭ | 1308 ᠰᠢᠷᠭᠡᠭ ᠂ ᠶᠠᠰᠣᠨ ᠵᠢᠮᠰᠡᠭ᠂ ᠵᠡᠪᠡ ᠮᠡᠳᠣ ᠶᠢᠨ ᠶᠠᠰᠣᠨ ᠡᠳ᠋ᠯᠡᠯ 30 ᠭᠠᠷᠣᠢ ᠰᠢᠷᠭᠡᠭ᠂ ᠪᠠᠭ᠎ᠠ | ᠬᠡᠮᠵᠢᠶᠡᠨ ᠤ ᠬᠥᠷᠡᠯ ᠡᠳ᠋ᠯᠡᠯ ᠵᠢᠴᠢ ᠠᠳᠣᠭᠤ᠂ ᠬᠤᠨᠢᠨ ᠤ ᠶᠠᠰᠣ ᠪᠠᠷ ᠭᠤᠣᠯᠯᠠᠭᠰᠠᠨ ᠠᠮᠢᠳᠠᠨ ᠤ ᠶᠠᠰᠣ | ᠣᠯᠠᠨ ᠲᠤᠭ᠎ᠠ ᠪᠠᠷ ᠣᠯᠳᠠᠵᠠᠢ᠃ ᠰᠣᠳᠣᠯᠭᠠᠨ ᠤ ᠥᠷ᠎ᠡ ᠳ᠋ᠥᠩ ᠳᠤ ᠡᠨᠡ ᠠᠭᠤᠢ ᠳᠤ ᠣᠳᠣ ᠠᠴᠠ 3 — | 1 ᠲᠥᠮᠡᠨ ᠵᠢᠯ ᠤᠨ ᠡᠮᠥᠨᠡᠬᠢ ᠪᠣᠶᠣ ᠨᠡᠩ ᠡᠷᠲᠡᠨ ᠤ ᠬᠥᠮᠥᠨ ᠲᠥᠷᠥᠯᠬᠢᠳᠡᠨ ᠣᠷᠣᠰᠢᠨ ᠠᠮᠢᠳᠣᠷᠠᠵᠣ | ᠪᠠᠶᠢᠭᠰᠠᠨ ᠤ ᠣᠯᠠ ᠮᠥᠷ ᠵᠢᠴᠢ ᠡᠷᠲᠠᠨ ᠤ ᠠᠮᠢᠳᠠᠨ ᠰᠣᠳᠣᠯᠣᠯ ᠤᠨ ᠰᠢᠨᠵᠢᠯᠡᠭᠦ ᠣᠬᠠᠭᠠᠨ ᠤ ᠥᠨ᠎ᠡ | ᠥᠷᠳᠡᠭ᠂ ᠠᠷᠾᠢᠣᠯᠣᠭᠢ ᠶᠢᠨ ᠰᠣᠳᠣᠯᠭᠠᠨ ᠳᠤ ᠮᠠᠰᠢ ᠴᠢᠬᠤᠯᠠ ᠨᠣᠳᠠᠯᠭᠠ ᠪᠣᠯᠬᠤ ᠶᠣᠮ᠃ ᠡᠶᠢᠨ ᠬᠦ ᠡᠨᠡ | ᠪᠠᠭᠤᠷᠢ ᠶᠢ 2004 ᠣᠨ ᠳᠤ ᠣᠷᠣᠨ ᠤ ᠲᠡᠰ ᠤᠨ ᠬᠠᠮᠠᠭᠠᠯᠠᠯᠳᠠ ᠶᠢᠨ ᠲᠣᠷᠠᠰᠬᠠᠯ ᠪᠣᠯᠭᠠᠵᠣ | ᠬᠠᠮᠠᠭᠠᠯᠠᠯᠳᠠ ᠳᠤ ᠠᠪᠣᠭᠰᠠᠨ ᠶᠣᠮ᠃ | | | | | | | | | | | | | | | | | | | | | | | | |