ᠲᠥᠮᠡᠲᠣ ᠶᠢᠨ ᠬᠥᠮᠥᠨ ᠴᠢᠯᠠᠭᠤ
ᠨᠡᠶᠢᠲᠡᠯᠡᠭᠰᠡᠨ ᠴᠠᠭ᠄
2017/5/3
     ᠣᠳᠣ  ᠶᠢᠨ ᠰᠠᠮᠠᠢ ᠰᠣᠮᠣᠨ  ᠤ ᠨᠣᠳᠤᠭ ︽ᠲᠥᠮᠡᠳᠣ︾ ᠬᠡᠮᠡᠬᠦ ᠠᠭᠤᠯᠠᠨ  ᠠᠴᠠ ᠣᠷᠣᠭᠰᠢ ᠠᠷᠪᠠᠭᠠᠳ ᠭᠠᠵᠠᠷ  ᠤᠨ ᠵᠠᠢ  ᠳᠤ ᠣᠷᠣᠰᠢᠬᠤ  ᠰᠢᠪᠠᠭᠤᠳᠣ ᠬᠠᠶᠢᠷᠬᠠᠨ  ᠤ ᠡᠩᠭᠡᠷ  ᠲᠤ ᠣᠷᠣᠰᠢᠬᠤ ᠡᠳᠡᠭᠡᠷ ᠬᠥᠮᠥᠨ ᠴᠢᠯᠠᠭᠤ ᠶᠢ 1985  ᠣᠨ  ᠳᠤ ᠵᠡᠭᠦᠨ ᠥᠵᠥᠮᠥᠴᠢᠨ ᠬᠤᠰᠢᠭᠤᠨ  ᠤ ᠣᠯᠣᠰ ᠲᠥᠷᠥ  ᠶᠢᠨ ᠵᠥᠪᠯᠡᠯᠭᠡᠨ  ᠤ ᠬᠡᠰᠢᠭᠦᠨ ᠵᠢᠴᠢ ᠰᠣᠳᠣᠯᠣᠭᠠᠴᠢ ᠠᠭᠰᠠᠨ ᠫ᠊᠂  ᠲᠣᠭᠠᠷ ᠨᠠᠷ ᠬᠠᠮᠤᠭ ᠠᠩᠬ᠎ᠠ ᠢᠯᠡᠷᠡᠭᠦᠯᠥᠨ᠂  ᠡᠨᠡ ᠲᠣᠬᠠᠢ   ᠪᠠᠨ ︽ ᠥᠵᠥᠮᠥᠴᠢᠨ  ᠤ ᠲᠡᠣᠭᠡᠨ ᠪᠠᠷᠢᠮᠳᠠ ᠪᠢᠴᠢᠭ  ᠤᠳ︾  ᠬᠡᠮᠡᠬᠦ ᠲᠣᠳᠣᠭᠠᠳᠣ ᠬᠡᠪᠯᠡᠯ  ᠤᠨ ᠨᠣᠮ   ᠳᠠᠭᠠᠨ 13——14 ᠳ᠋ᠤᠭᠡᠷ ᠵᠠᠭᠤᠨ  ᠤ ᠥᠶ᠎ᠡ ᠶᠢᠨ ᠮᠣᠩᠭᠤᠯᠴᠣᠳ  ᠤᠨ ᠲᠣᠷᠠᠰᠬᠠᠯ ᠬᠡᠮᠡᠨ ᠮᠠᠰᠢ ᠵᠥᠪ ᠣᠨᠣᠪᠴᠢᠲᠠᠢ ᠳ᠋ᠥᠩᠨᠡᠭᠰᠡᠨ ᠪᠠᠶᠢᠳᠠᠭ᠃      ᠡᠳᠡᠭᠡᠷ ᠬᠥᠮᠥᠨ ᠴᠢᠯᠠᠭᠤ  ᠶᠢ ᠪᠣᠷᠵᠢᠨ ᠴᠢᠯᠠᠭᠤ᠂  ᠬᠥᠬᠡ ᠴᠢᠯᠠᠭᠤ  ᠵᠡᠷᠭᠡ  ᠳᠤ  ᠨᠢᠭᠤᠷ ᠴᠢᠷᠠᠢ ᠶᠢ ᠮᠠᠰᠢ ᠲᠣᠳᠣ ᠰᠡᠶᠢᠯᠥᠭᠰᠡᠨ᠂  ᠰᠢᠪᠢᠯᠭᠡᠷ ᠬᠡᠵᠢᠬᠡ ᠣᠨᠵᠢᠢᠯᠭᠠᠨ᠂ ᠵᠥᠪ ᠡᠩᠭᠡᠷ ᠲᠠᠢ᠂  ᠨᠠᠷᠢᠨ ᠬᠠᠨᠴᠣᠢ ᠲᠠᠢ ᠣᠷᠳᠣ ᠲᠡᠪᠡᠯ ᠡᠮᠥᠰᠥᠭᠰᠡᠨ᠂  ᠬᠥᠯ   ᠳᠡᠭᠡᠨ ᠭᠤᠳᠣᠯ  ᠪᠥᠬᠦᠢ᠂ ᠪᠠᠷᠠᠭᠤᠨ ᠭᠠᠷ ᠲᠠᠭᠠᠨ ᠬᠤᠨᠳᠠᠭ᠎ᠠ ᠠᠳᠬᠤᠵᠣ ᠴᠡᠭᠡᠵᠢᠨ ᠡᠮᠥᠨ᠎ᠡ  ᠪᠠᠨ ᠪᠠᠷᠢᠵᠣ᠂ ᠵᠡᠭᠦᠨ ᠭᠠᠷ  ᠢᠶᠠᠨ ᠡᠪᠥᠳᠥᠭ ᠲᠡᠭᠡᠷ᠎ᠡ  ᠪᠠᠨ ᠲᠠᠯᠪᠢᠵᠣ᠂  ᠭᠡᠳᠡ ᠬᠢᠳᠤᠭ᠎ᠠ᠂  ᠬᠠᠪᠳᠠᠭ᠎ᠠ ᠵᠡᠭᠦᠯᠭᠡᠨ᠂  ᠵᠣᠭᠰᠤᠭ᠎ᠠ ᠪᠣᠶᠣ ᠢᠰᠡᠷᠢ ᠳᠤ ᠰᠠᠭᠤᠭᠰᠠᠨ ᠢᠶᠠᠷ ᠲᠥᠷᠰᠥᠯᠡᠵᠡᠢ᠃ ᠠᠳᠡ ᠥᠭᠦᠯᠡᠨ ᠪᠣᠢ ᠲᠣᠯᠣᠭᠠᠨ ᠬᠥᠮᠥᠨ ᠴᠢᠯᠠᠭᠤᠨ ᠠᠴᠠ ᠨᠢᠭᠡ ᠬᠥᠮᠥᠨ ᠴᠢᠯᠠᠭᠤᠨ  ᠤ ᠲᠣᠯᠣᠭᠠᠢ ᠠᠯᠠᠭ᠎ᠠ ᠪᠣᠯᠵᠣ᠂ ᠨᠢᠭᠡ  ᠶᠢ ᠬᠠᠪᠲᠠᠭᠠᠢ ᠬᠥᠭᠡ ᠴᠢᠯᠠᠭᠤᠨ  ᠳᠤ ᠵᠥᠪᠬᠡᠨ ᠲᠣᠯᠣᠭᠠᠢ   ᠶᠢᠨ ᠭᠡᠰᠡᠭ   ᠢ ᠰᠡᠶᠢᠯᠵᠥ᠂ ᠪᠠᠰᠠ ᠨᠢᠭᠡᠨ ᠬᠥᠮᠥᠨ ᠴᠢᠯᠠᠭᠤ  ᠶᠢ ᠪᠣᠷᠵᠢᠨ ᠴᠢᠯᠠᠭᠤᠨ  ᠳᠤ ᠨᠢᠴᠥᠭᠦᠨ ᠬᠡᠯᠪᠡᠷᠢ  ᠪᠠᠷ ᠰᠡᠶᠢᠯᠵᠡᠢ᠃  ᠬᠡᠳᠣᠢ ᠡᠶᠢᠮᠣ ᠪᠣᠯᠪᠠᠴᠣ ᠡᠳᠡᠭᠡᠷ  ᠨᠢ ᠠᠷᠪᠠᠨ ᠭᠤᠷᠪᠠ ᠲᠥᠷᠪᠡᠳᠣᠭᠡᠷ ᠵᠠᠭᠤᠨ ᠤ ᠮᠣᠩᠭᠤᠯᠴᠣᠳ  ᠤᠨ ᠴᠢᠯᠠᠭᠤᠨ ᠬᠥᠷᠥᠭ  ᠤᠨ ᠥᠨᠳᠥᠰᠥᠨ ᠰᠢᠨᠵᠢ  ᠶᠢ ᠮᠠᠰᠢ ᠭᠤᠶᠢᠳᠠ ᠬᠠᠳᠠᠭᠠᠯᠠᠭᠰᠠᠨ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号