ᠯᠣᠤᠬ᠎ᠠ ᠶᠢᠨ ᠰᠦᠮ᠎ᠡ ᠶᠢᠨ ᠪᠠᠭᠤᠷᠢ
ᠨᠡᠶᠢᠲᠡᠯᠡᠭᠰᠡᠨ ᠴᠠᠭ᠄
2017/5/3
     ᠲᠣᠰ ᠪᠠᠭᠤᠷᠢ ᠨᠢ ᠣᠳᠣ ᠶᠢᠨ ᠮᠠᠨᠳᠣᠬᠤᠪᠣᠯᠠᠭ ᠪᠠᠯᠭᠠᠰᠣᠨ ᠤ ᠪᠠᠶᠠᠨᠪᠦᠷᠢᠲᠦ ᠭᠠᠴᠠᠭᠠᠨ ᠤ ᠨᠣᠳᠤᠭ ᠲᠤ  ᠪᠣᠢ᠃ ᠣᠣᠯ ᠤᠨ ᠦᠵᠦᠮᠦᠴᠢᠨ ᠵᠡᠬᠦᠨ ᠭᠠᠷᠣᠨ ᠬᠤᠰᠢᠭᠤᠨ ᠤ ᠬᠤᠰᠢᠭᠤᠨ ᠵᠢᠷᠭᠤᠭᠠᠨ ᠬᠡᠶᠢᠳ ᠤᠨ ᠨᠢᠬᠡ᠂  ᠲᠡᠭᠷᠢ ᠳᠡᠳᠬᠦᠭᠴᠢ ᠬᠠᠭᠠᠨ ᠤ ᠭᠤᠴᠢᠨ ᠲᠠᠪᠣᠳᠣᠭᠠᠷ ᠣᠨ ᠤ ᠴᠠᠭᠠᠭᠴᠢᠨ ᠦᠬᠡᠷ ᠵᠢᠯ ︵1771ᠣᠨ ᠳᠤ︶ ᠬᠦᠪᠣᠳ ᠰᠣᠮᠣᠨ ᠤ ᠯᠾᠠᠷᠠᠮᠪᠠ ᠬᠠᠶᠢᠮᠠᠩᠯᠣᠪᠰᠠᠩᠶᠧᠰᠢ ᠯᠣᠤᠬ᠎ᠠ ᠶᠢᠨ ᠪᠦᠷᠢᠲᠦ ᠶᠢᠨ ᠵᠡᠬᠦᠨ ᠲᠠᠯ᠎ᠠ ᠳᠠᠬᠢ ᠮᠦᠰᠦᠲᠦ ᠎ ᠶᠢᠨ ᠴᠠᠭᠠᠨ ᠤ ᠪᠠᠷᠠᠭᠤᠨ ᠬᠤᠶᠢᠨᠠᠬᠢ ᠪᠣᠱᠤᠭ᠎ᠠ ᠡᠯᠡᠰᠦᠨ ᠤ ᠠᠷᠣ ᠳᠤ ᠪᠠᠶᠢᠭᠤᠯᠵᠠᠢ᠃  ᠡᠶᠢᠨ ᠬᠦ ᠪᠠᠰᠠ ︽ᠨᠢᠭᠤᠬᠤ ᠶᠢᠨ ᠰᠦᠮ᠎ᠡ︾ ᠪᠣᠶᠣ ︽ᠬᠤᠳᠠᠯᠠ ᠳᠤᠷ ᠲᠣᠰᠠᠯᠠᠭᠴᠢ ᠰᠦᠮ᠎ᠡ︾ ᠬᠡᠳᠡᠭ᠃      ᠱᠠᠭᠳᠠᠷ᠂  ᠮᠠᠬᠠᠺᠠᠯᠠ ᠪᠠᠷ ᠭᠤᠣᠯ ᠰᠢᠳᠣᠬᠡᠨ ᠪᠣᠯᠭᠠᠭᠰᠠᠨ  ᠡᠨᠡ ᠰᠦᠮ᠎ᠡ ᠳᠤ ᠴᠣᠭᠵᠢᠨ᠂  ᠵᠣᠳᠸ᠎ᠠ᠂ ᠴᠣᠶᠢᠷ᠂ ᠮᠠᠨᠪᠠ ᠷᠠᠰᠠᠩ ᠲᠠᠢ᠂ ᠳᠦᠷᠪᠡᠨ ᠴᠠᠭ ᠤᠨ ᠢᠷᠦᠬᠡᠯ ᠪᠠ ᠡᠵᠡᠨ ᠤ ᠱᠠᠪᠳᠠᠨ ᠵᠡᠷᠬᠡ ᠶᠢ ᠬᠤᠷᠠᠳᠠᠭ ᠪᠦᠭᠡᠳ ᠭᠤᠷᠪᠠᠨ ᠰᠠᠩ ᠵᠢᠰᠡ ᠲᠠᠢ ᠪᠠᠶᠢᠪᠠ᠃ ᠯᠣᠤᠬ᠎ᠠ ᠶᠢᠨ ᠰᠦᠮ᠎ᠡ ᠶᠢᠨ ᠰᠢᠷᠡᠬᠡᠨ ᠯᠠᠮ᠎ᠠ ᠨᠢ ᠯᠾᠠᠷᠠᠮᠪᠠ ᠬᠠᠶᠢᠮᠠᠩᠯᠣᠪᠰᠠᠩᠶᠧᠰᠢ ᠠᠴᠠ ᠳᠠᠨᠵᠢᠨ ᠯᠾᠠᠷᠠᠮᠪᠠ  ᠬᠥᠷᠲᠡᠯ᠎ᠡ ᠳᠦᠷᠪᠡᠨ ᠳᠦᠷᠢ ᠢᠯᠡᠷᠡᠵᠠᠢ᠃  ᠲᠣᠰ ᠰᠥᠮ᠎ᠡ  ᠎ ᠨᠢ 1945 ᠣᠨ ᠳᠤ ᠲᠠᠶᠢᠨ ᠤ ᠬᠦᠯ ᠳᠤ ᠪᠠᠯᠠᠷᠠᠪᠠ᠃      ᠣᠳᠣ ᠪᠠᠶᠢᠭ᠎ᠠ ᠰᠥᠮ᠎ᠡ  ᠶᠢᠨ ᠪᠠᠭᠤᠷᠢ ᠨᠢ ᠡᠮᠥᠨ᠎ᠡ ᠠᠴᠠ ᠣᠮᠠᠷᠠᠰᠢ 625 m᠂  ᠵᠡᠭᠦᠨ  ᠠᠴᠠ ᠪᠠᠷᠠᠭᠤᠨᠰᠢ 400 m  ᠬᠡᠮᠵᠢᠶᠡᠲᠡᠢ᠃ ᠡᠷᠭᠢᠨ ᠲᠣᠭᠤᠷᠢᠨ ᠶᠡᠭᠡ ᠪᠠᠭ᠎ᠠ ᠪᠠᠶᠢᠰᠢᠩ  ᠤᠨ ᠥᠯᠡᠳᠡᠭᠳᠡᠯ 40  ᠭᠠᠷᠣᠢ ︵ᠣᠳᠣ ᠪᠠᠶᠢᠭ᠎ᠠ ᠥᠨᠳᠥᠷ  ᠎ ᠨᠢ 0.2 — 0.5 m︶᠂ ᠭᠠᠳᠠᠷ ᠭᠥᠷᠢᠶ᠎ᠡ  ᠶᠢ ᠨᠢ ᠴᠢᠯᠠᠭᠤ ᠪᠠᠷ ᠵᠢᠭᠢᠷᠢᠭᠯᠡᠨ ᠪᠠᠶᠢᠭᠤᠯᠵᠠᠢ᠃  ᠵᠡᠭᠦᠨ ᠡᠮᠥᠨ᠎ᠡ  ᠪᠠᠨ ᠬᠤᠳᠳᠤᠭ ᠪᠠᠶᠢᠭᠰᠠᠨ ᠨᠢ ᠲᠤᠬᠠᠢ ᠶᠢᠨ ᠥᠶ᠎ᠡ ᠶᠢᠨ ᠯᠠᠮᠠ ᠨᠠᠷ ᠎ ᠤᠨ ᠣᠣᠭᠤᠬᠤ ᠣᠮᠳᠠ  ᠶᠢ ᠬᠠᠩᠭᠠᠵᠣ ᠪᠠᠶᠢᠭᠰᠠᠨ ᠪᠣᠯᠣᠯᠳᠠᠢ᠃  ᠰᠥᠮ᠎ᠡ  ᠶᠢᠨ ᠪᠠᠭᠤᠷᠢ  ᠠᠴᠠ ᠬᠤᠶᠢᠰᠢ 300 m ᠎ ᠤᠨ ᠵᠠᠢ  ᠳᠤ ᠲᠡᠬᠢᠯᠭ᠎ᠠ ᠬᠢᠳᠡᠭ ︽ᠥᠯᠵᠡᠶᠢᠳᠣ ᠣᠪᠣᠭ᠎ᠠ︾ ᠪᠠᠶᠢᠷᠢᠯᠠᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号