ᠬᠦᠷᠢᠶᠡᠲᠦᠨᠠᠭᠤᠷ ᠰᠣᠮᠣ ᠨᠢ 2006 ᠤᠨ ᠳᠤ ᠤᠤᠯ ᠤᠨ ᠬᠦᠷᠢᠶᠡᠲᠤᠨᠠᠭᠤᠷ ᠰᠤᠮᠤ ᠪᠠ ᠤᠩᠭᠤᠨ ᠰᠤᠮᠤ | ᠢ ᠨᠡᠶᠢᠯᠡᠭᠦᠯᠦᠨ ᠪᠠᠶᠢᠭᠤᠯᠵᠤ᠂ ᠬᠤᠰᠢᠭᠤᠨ ᠤ ᠵᠡᠭᠦᠨ ᠡᠮᠦᠨ᠎ᠡ ᠬᠡᠰᠡᠭ ᠢᠶᠠᠷ ᠪᠠᠶᠢᠷᠢᠯᠠᠵᠦ᠂ ᠬᠤᠰᠢᠭᠤᠨ ᠲᠦᠪ | ᠣᠯᠢᠶᠠᠰᠦᠲᠠᠢ ᠪᠠᠯᠭᠠᠰᠤ ᠠᠴᠠ 185 ᠺᠢᠯᠣᠮᠧᠲᠷ ᠵᠠᠢ ᠲᠠᠢ ᠪᠠᠶᠢᠳᠠᠭ᠃ ᠵᠡᠭᠦᠨ ᠲᠠᠯ᠎ᠠ ᠪᠠᠷ ᠬᠢᠨᠭ᠍ᠭᠠᠨ ᠠᠶᠢᠮᠠᠭ ᠤᠨ | ᠬᠤᠷᠴᠢᠨ ᠵᠡᠭᠦᠨ ᠭᠠᠷᠣᠨ ᠲᠣᠮᠳᠠᠳᠦ ᠬᠤᠰᠢᠭᠤ᠂ ᠲᠦᠡᠭᠯᠢᠶᠣᠣ ᠬᠤᠲᠠ ᠶᠢᠨ ᠬᠤᠣᠯᠢᠨ ᠭᠤᠣᠯ ᠬᠤᠲᠠ ᠪᠠ | ᠵᠠᠷᠣᠳ ᠬᠤᠰᠢᠭᠤ ᠲᠠᠢ ᠬᠦᠷᠰᠢᠯᠡᠵᠦ᠂ ᠡᠮᠣᠨ᠎ᠡ ᠲᠠᠯ᠎ᠠ ᠪᠠᠷ ᠢᠶᠠᠨ ᠣᠯᠠᠭᠠᠨᠬᠠᠳᠠ ᠬᠤᠲᠠ ᠶᠢᠨ ᠠᠷᠣ ᠬᠤᠷᠴᠢᠨ | ᠬᠤᠰᠢᠭᠤ ᠪᠠ ᠪᠠᠷᠠᠭᠤᠨ ᠦᠵᠦᠮᠦᠴᠢᠨ ᠬᠤᠰᠢᠭᠤ ᠲᠠᠢ ᠵᠠᠬ᠎ᠠ ᠨᠡᠶᠢᠯᠡᠵᠦ᠂ ᠪᠠᠷᠠᠭᠤᠨ ᠬᠡᠰᠡᠭ ᠢᠶᠠᠷ ᠢᠶᠠᠨ | ᠣᠯᠢᠶᠠᠰᠣᠲᠠᠢ ᠪᠠᠯᠭᠠᠰᠣ ᠲᠠᠢ ᠵᠠᠯᠭᠠᠯᠳᠤᠵᠤ᠂ ᠬᠤᠶᠢᠨ᠎ᠠ ᠲᠠᠯ᠎ᠠ ᠪᠠᠷ ᠢᠶᠠᠨ ᠣᠯᠠᠭᠠᠢ ᠬᠠᠮᠢᠶᠠᠷᠣᠯᠲᠠ ᠶᠢᠨ ᠣᠷᠣᠨ ᠪᠠ | ᠭᠠᠬᠢᠯ ᠰᠤᠮᠤ᠂ ᠲᠠᠭᠤᠲᠣᠨᠠᠭᠤᠷ ᠪᠠᠯᠭᠠᠰᠦ ᠲᠠᠢ ᠵᠠᠬ᠎ᠠ ᠨᠡᠶᠢᠯᠡᠵᠦ ᠪᠠᠶᠢᠳᠠᠭ᠃ ᠨᠣᠲᠤᠭ ᠳᠡᠪᠢᠰᠭᠡᠷ ᠤᠨ ᠶᠡᠷᠣᠩᠬᠡᠢ | ᠲᠠᠯᠠᠪᠠᠢ ᠨᠢ 6383ᠲᠡᠭᠰᠢ ᠲᠦᠷᠪᠡᠯᠵᠢᠨ ᠺᠢᠯᠤᠮᠧᠲᠷ ᠪᠠᠶᠢᠵᠦ᠂ 10 ᠬᠠᠷᠢᠶ᠎ᠠ ᠭᠠᠴᠠᠭ᠎ᠠ᠂ 1 ᠨᠡᠶᠢᠭᠡᠮ ᠲᠣᠭᠤᠷᠢᠭ | ᠲᠠᠢ ᠴᠣᠯᠣ ᠮᠠᠯᠵᠢᠬᠤ ᠰᠣᠮᠣ ᠪᠣᠯᠣᠨ᠎ᠠ᠃ ᠰᠣᠮᠣᠨ ᠤ ᠪᠦᠬᠦ ᠬᠦᠮᠦᠨ ᠠᠮᠠ 6842 ᠪᠠᠶᠢᠵᠦ᠂ 1345 ᠮᠠᠯᠵᠢᠬᠤ | ᠡᠷᠦᠬᠡ ᠲᠠᠢ᠂ 2016 ᠣᠨ ᠤ ᠮᠠᠯᠴᠢᠳ ᠤᠨ ᠬᠦᠮᠦᠨ ᠪᠦᠷᠢ ᠶᠢᠨ ᠲᠡᠭᠰᠢᠳᠬᠡᠭᠰᠡᠨ ᠴᠡᠪᠡᠷ ᠣᠷᠣᠯᠭ᠎ᠠ ᠨᠢ | 9458 ᠲᠦᠭᠦᠷᠢᠭ ᠲᠤ ᠬᠦᠷᠴᠠᠢ᠃ ᠪᠦᠬᠦ ᠰᠣᠮᠣᠨ ᠳᠤ 282 ᠨᠠᠮ ᠤᠨ ᠭᠡᠰᠢᠭᠦᠨ ᠲᠠᠢ᠂ ᠡᠭᠦᠨ ᠳᠤ ᠮᠠᠯᠴᠢᠨ | ᠨᠠᠮ ᠤᠨ ᠭᠡᠰᠢᠭᠦᠨ 228ᠨᠡᠷ᠎ᠡ᠂ ᠪᠠᠶᠢᠭᠤᠯᠣᠯᠭ᠎ᠠ ᠶᠢᠨ ᠨᠠᠮ ᠤᠨ ᠭᠡᠰᠢᠭᠦᠨ 42 ᠨᠡᠷ᠎ᠡ᠂ ᠲᠣᠭᠤᠷᠢᠭ ᠤᠨ ᠨᠠᠮ ᠤᠨ | ᠭᠡᠰᠢᠭᠦᠨ 12 ᠨᠡᠷ᠎ᠡ ᠪᠠᠶᠢᠳᠠᠭ᠃ | ᠮᠠᠨ ᠤ ᠰᠣᠮᠣ ᠨᠢ ᠮᠠᠯ ᠠᠵᠤ ᠠᠬᠤᠢ ᠶᠢᠨ ᠡᠬᠢ ᠪᠠᠶᠠᠯᠢᠭ᠂ ᠠᠭᠤᠷᠬᠠᠢ ᠶᠢᠨ ᠡᠬᠢ ᠪᠠᠶᠠᠯᠢᠭ ᠡᠯᠪᠡᠭ ᠪᠠᠶᠢᠵᠦ | 2016 ᠣᠨ ᠤ ᠡᠪᠣᠯ ᠤᠨ ᠤᠯᠠᠷᠢᠯ ᠤᠨ ᠨᠡᠶᠢᠳᠡᠮ ᠪᠠᠶᠢᠴᠠᠭᠠᠯᠲᠠ ᠶᠢᠨ ᠮᠠᠯ ᠤᠨ ᠲᠤᠭ᠎ᠠ 27.6961 ᠲᠦᠮᠡᠨ | ᠲᠣᠯᠣᠭᠠᠢ ᠳᠤ ᠬᠦᠷᠴᠦ᠂ ᠡᠬᠦᠨ ᠳᠤ ᠪᠣᠳᠠ ᠮᠠᠯ 1.3603 ᠲᠦᠮᠡᠨ ᠲᠣᠯᠣᠭᠠᠢ᠂ ᠪᠣᠭ ᠮᠠᠯ 26.3358 | ᠲᠦᠮᠡᠨ ᠲᠣᠯᠣᠭᠠᠢ ᠪᠠᠶᠢᠵᠦ᠂ ᠦᠵᠦᠮᠦᠴᠢᠨ ᠬᠤᠨᠢ ᠪᠠ ᠪᠠᠶᠢᠭᠠᠯᠢᠯᠢᠭ ᠡᠪᠡᠰᠦ ᠪᠡᠯᠴᠢᠭᠡᠷ ᠤᠨ ᠭᠤᠣᠯ ᠰᠠᠭᠤᠷᠢᠨ | ᠭᠠᠵᠠᠷ ᠪᠣᠯᠣᠨ᠎ᠠ᠃ ᠤᠳᠤ ᠨᠢᠭᠡᠨᠲᠡ ᠬᠠᠶᠢᠨ ᠲᠤᠳᠤᠯᠠᠭᠰᠠᠨ ᠭᠤᠤᠯ ᠠᠭᠤᠷᠬᠠᠢ ᠶᠢᠨ ᠭᠠᠷᠤᠯᠲᠠ ᠳᠤ ᠨᠡᠭᠦᠷᠡᠰᠦ᠂ | ᠴᠢᠯᠠᠭᠤᠨ ᠲᠤᠰᠤ᠂ ᠲᠡᠮᠤᠷ ᠵᠡᠷᠭᠡ ᠪᠠᠶᠢᠵᠤ᠂ ᠨᠡᠭᠡᠬᠡᠨ ᠬᠦᠭᠵᠢᠭᠦᠯᠬᠦ ᠡᠬᠢ ᠪᠠᠶᠠᠯᠢᠭ ᠡᠯᠪᠡᠭ ᠲᠡᠯᠪᠡᠭ ᠪᠠᠶᠢᠳᠠᠭ᠃ | ᠤᠳᠤ ᠪᠤᠯᠲᠠᠯ᠎ᠠ᠂ ᠪᠦᠬᠦ ᠰᠤᠮᠤᠨ ᠤ ᠬᠡᠪᠴᠢᠶᠠᠨ ᠳᠤ ᠠᠳᠤᠭᠤᠨ ᠦᠢᠯᠡᠰ᠂ ᠮᠠᠯᠵᠢᠬᠤ ᠦᠢᠯᠡᠰ᠂ ᠡᠪᠡᠰᠤᠨ ᠦᠢᠯᠡᠰ | ᠦᠷ᠎ᠡ ᠶᠢᠨ ᠮᠠᠯ ᠪᠠᠷ ᠭᠤᠤᠯ ᠪᠤᠯᠭᠠᠭᠰᠠᠨ ᠮᠠᠯᠴᠢᠳ ᠤᠨ ᠲᠤᠰᠬᠠᠢ ᠬᠤᠷᠰᠢᠶᠠᠵᠢᠯ ᠨᠡᠶᠢᠲᠡ 42 ᠪᠠᠶᠢᠵᠤ᠂306 | ᠭᠡᠰᠢᠬᠦᠨ ᠡᠷᠤᠬᠡ ᠲᠠᠢ᠂ ᠳᠠᠩᠰᠠᠯᠠᠭᠰᠠᠨ ᠪᠡᠯᠡ ᠮᠦᠩᠭᠦ 6043 ᠲᠦᠮᠡᠨ ᠲᠦᠭᠦᠷᠢᠭ ᠲᠤ ᠬᠦᠷᠴᠠᠢ᠃ | | | | | |