ᠣᠳᠣ ᠬᠤᠰᠢᠭᠤᠨ ᠲᠥᠪ ᠣᠯᠢᠶᠠᠰᠣᠲᠠᠢ ᠪᠠᠯᠭᠠᠰᠣᠨ ᠤ ᠪᠠᠶᠠᠨ ᠡᠷᠭᠡᠳᠣ ᠣᠪᠣᠭᠠᠨ ᠤ ᠡᠩᠭᠡᠷ ᠲᠤ ᠪᠣᠢ᠃ | ᠬᠠᠮᠤᠭ ᠠᠩᠬ᠎ᠠ ᠲᠡᠭᠷᠢ ᠲᠡᠳᠬᠦᠭᠴᠢ ᠶᠢᠨ ᠲᠥᠴᠢᠨ ᠵᠢᠷᠭᠤᠳᠣᠭᠠᠷ ᠣᠨ ︵1781 ᠣᠨ︶ ᠳᠤ ᠪᠠᠶᠢᠭᠤᠯᠵᠣ᠂ | ︽ᠥᠭᠯᠢᠭᠡ ᠬᠤᠷᠠᠭᠤᠯᠣᠭᠴᠢ ᠰᠥᠮ᠎ᠡ︾᠂ ︽ᠮᠣᠯᠣᠮ ᠯᠠᠮᠠ ᠶᠢᠨ ᠬᠥᠷᠢᠶ᠎ᠡ ᠰᠥᠮ᠎ᠡ︾ ᠨᠡᠷ᠎ᠡ ᠲᠠᠢ ᠪᠢᠯᠡ ᠃ | ᠣᠣᠯ ᠤᠨ ᠥᠵᠥᠮᠥᠴᠢᠨ ᠪᠠᠷᠠᠭᠤᠨ ᠬᠤᠰᠢᠭᠤᠨ ᠤ ᠬᠤᠰᠢᠭᠤ ᠵᠢᠷᠭᠤᠭᠠᠨ ᠬᠡᠶᠢᠳ ᠤᠨ ᠨᠢᠭᠡ᠂ ᠮᠣᠩᠭᠤᠯ ᠣᠷᠣᠨ ᠤ | ᠰᠢᠷ᠎ᠠ ᠶᠢᠨ ᠱᠠᠰᠢᠨ ᠤ ᠠᠯᠳᠠᠷᠳᠣ ᠭᠤᠷᠪᠠᠨ ᠬᠥᠷᠢᠶ᠎ᠡ ᠰᠥᠮ᠎ᠡ ᠶᠢᠨ ᠨᠢᠭᠡ ᠪᠢᠯᠡ ᠃ ᠡᠭᠦᠰᠭᠡᠨ ᠪᠠᠶᠢᠭᠤᠯᠣᠭᠴᠢ | ᠯᠣᠪᠰᠠᠩᠭᠤᠨᠴᠣᠭᠷᠠᠰᠢ ᠪᠣᠯ ᠠᠮᠳᠣᠣ ᠶᠢᠨ ᠴᠠᠭᠳᠣ ᠲᠠᠩ ᠤᠨ ᠷᠥᠵᠡ ᠬᠡᠶᠢᠳ ᠤᠨ ᠰᠢᠷᠡᠭᠡᠨ ᠯᠠᠮᠠ ᠮᠣᠯᠣᠮ | ᠷᠠᠪᠵᠢᠮᠪᠠ ᠲᠠᠨᠵᠢᠨᠳᠠᠭᠪᠠ ᠶᠢᠨ ᠥᠪᠥᠷ ᠮᠣᠩᠭᠤᠯ ᠣᠷᠣᠨ ᠳᠠᠬᠢ ᠠᠩᠬᠠᠨ ᠤ ᠬᠤᠪᠢᠯᠭᠠᠨ ᠲᠥᠷᠢ ᠪᠥᠭᠡᠳ ᠨᠡᠶᠢᠳᠡ | ᠵᠢᠷᠭᠤᠭᠠᠨ ᠲᠥᠷᠢ ᠶᠢᠨ ᠭᠡᠭᠡᠨ ᠰᠠᠭᠠᠳᠠᠵᠠᠢ᠃ | ᠯᠠᠮᠠ ᠶᠢᠨ ᠭᠥᠷᠢᠶ᠎ᠡ ᠰᠥᠮ᠎ᠡ ᠨᠢ ᠭᠥᠮᠪᠥᠮ ᠵᠥᠳ ᠲᠠᠢ ︽ ᠶᠡᠭᠡ ᠭᠥᠯᠭᠡᠨ︾᠂ ︽ ᠨᠢᠭᠤᠴᠠ ᠲᠠᠷᠨᠢ︾᠂ | ︽ ᠠᠨᠠᠭᠠᠬᠤ ᠣᠬᠠᠭᠠᠨ︾᠂ ︽ ᠠᠷᠭ᠎ᠠ ᠪᠢᠯᠢᠭ︾ ᠲᠥᠷᠪᠡᠨ ᠣᠬᠠᠭᠠᠨ ᠤ ᠰᠣᠷᠭᠠᠯ ᠤᠨ ᠲᠥᠪ ᠬᠡᠶᠢᠳ ᠲᠠᠢ᠂ | ᠠᠷᠪᠠᠨ ᠭᠤᠷᠪᠠᠨ ᠬᠤᠪᠢᠯᠭᠠᠨ᠂ ᠬᠤᠣᠰ ᠮᠡᠳᠡᠯ ᠤᠨ ᠵᠢᠷᠭᠤᠭᠠᠨ ᠬᠡᠷᠬᠡᠮᠳᠡᠨ᠂1500 ᠭᠠᠷᠣᠢ ᠱᠠᠪᠢ ᠬᠤᠸᠠᠷᠠᠭ | ᠲᠠᠢ᠂ ᠬᠠᠷᠢᠶ᠎ᠡ ᠲᠥᠷᠪᠡᠨ ᠰᠥᠮ᠎ᠡ᠂ ᠭᠤᠷᠪᠠᠨ ︽ ᠬᠤᠷᠢᠨ︾᠂ 25 ᠵᠢᠰᠠ ᠲᠠᠢ᠂ ᠲᠠᠪᠣᠨ ᠶᠡᠭᠡ ᠪᠥᠯᠥᠭ᠂ | ᠬᠤᠷᠢ ᠭᠠᠷᠣᠢ ᠰᠥᠮ᠎ᠡ ᠲᠣᠭᠠᠩ ᠲᠠᠢ ᠲᠣᠮᠣᠬᠠᠨ ᠬᠡᠶᠢᠳ ᠪᠠᠶᠢᠵᠣ ᠴᠢᠩ ᠣᠯᠣᠰ ᠤᠨ ᠰᠠᠶᠢᠰᠢᠶᠠᠯᠳᠣ ᠢᠷᠥᠭᠡᠯᠳᠣ | ᠶᠢᠨ ᠬᠤᠶᠠᠳᠣᠭᠠᠷ ᠣᠨ ︵1796 ᠣᠨ︶ ᠳᠤ ᠡᠵᠡᠨ ᠵᠣᠷᠭᠠᠨ ᠠᠴᠠ51 ᠬᠤᠸᠠᠷᠠᠭ ᠲᠣᠶᠢᠨ ᠢᠶᠠᠷ | ᠱᠠᠩᠨᠠᠭᠰᠠᠨ ᠪᠥᠭᠡᠳ ︽ ᠵᠢᠨᠰᠣᠭᠯᠢᠩ︾ ᠭᠡᠮᠡᠭᠦ ᠠᠯᠳᠠᠨ ᠥᠰᠥᠭᠲᠣ ᠢᠯᠡᠷᠬᠡᠶᠢᠯᠡᠯ ᠣᠯᠭᠤᠪᠠ᠃1956 ᠣᠨ | ᠳᠤ ᠵᠡᠭᠦᠨ ᠥᠵᠥᠮᠥᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠠᠳᠡ ᠲᠥᠪᠯᠡᠵᠣ᠂ ᠰᠣᠶᠣᠯ ᠤᠨ | ᠬᠤᠪᠢᠰᠬᠠᠯ ᠲᠣᠮᠳᠠ ᠶᠡᠭᠡᠪᠡᠷ ᠡᠪᠳᠡᠭᠳᠡᠵᠣ᠂ 1984 ᠣᠨ ᠳᠤ ᠱᠠᠰᠢᠨ ᠰᠣᠷᠳᠠᠬᠤᠨ ᠤ ᠠᠵᠢᠯᠯᠠᠭ᠎ᠠ ᠪᠠᠨ | ᠰᠡᠷᠭᠦᠭᠡᠵᠡᠢ᠃ | | | | | | | | | | | | | | | | | | | | | | | | | | | | | | | | | | | |