ᠭᠥᠢᠯᠡᠰᠣᠲᠡᠢ ᠷᠠᠰᠢᠶᠠᠨ
ᠨᠡᠶᠢᠲᠡᠯᠡᠭᠰᠡᠨ ᠴᠠᠭ᠄
2017/5/16
     ᠭᠠᠬᠢᠯ ᠰᠤᠮᠤᠨ ᠤ ᠨᠣᠳᠤᠭ ᠡᠷᠢᠶᠡᠨ ᠭᠤᠪᠢ ᠲᠣᠭᠤᠷᠢᠭ ᠠᠴᠠ ᠪᠠᠷᠠᠭᠤᠨᠰᠢ ᠨᠠᠢᠮᠠᠨ ᠭᠠᠵᠠᠷ ᠤᠨ ᠵᠠᠢ ᠳᠤ ᠣᠷᠣᠰᠢᠳᠠᠭ᠃ ᠡᠨᠡ ᠷᠠᠰᠢᠶᠠᠨ ᠨᠢ ᠨᠠᠢᠮᠠᠨ ᠬᠤᠳᠳᠤᠭ ᠲᠠᠢ᠃ ᠲᠥᠪ ᠲᠣᠮᠳᠠ ᠨᠢ ᠲᠣᠮᠣᠬᠠᠨ ᠪᠣᠯᠠᠭ ᠲᠠᠢ᠂ ᠡᠷᠭᠢᠨ ᠲᠣᠭᠤᠷᠢᠨ ᠲᠣᠯᠣᠭᠠᠨ ᠵᠢᠵᠢᠭ ᠪᠣᠯᠠᠭ ᠲᠠᠢ᠃  ᠡᠨᠡ ᠷᠠᠰᠢᠶᠠᠨ  ᠤ ᠲᠣᠬᠠᠢ ᠭᠠᠬᠢᠯ ᠰᠥᠮ᠎ᠡ  ᠶᠢᠨ ᠬᠤᠶᠠᠳᠣᠭᠠᠷ ᠲᠥᠷᠢ  ᠶᠢᠨ ᠬᠠᠮᠪᠤ ᠵᠠᠮᠢᠶᠠᠩᠳᠠᠨᠽᠠᠨᠵᠠᠮᠰᠣ ᠶᠢᠨ ᠪᠢᠴᠢᠭᠰᠡᠨ ︽ ᠭᠥᠢᠯᠡᠰᠣᠲᠡᠢ  ᠶᠢᠨ ᠰᠠᠩ︾   ᠳᠤ ᠲᠡᠮᠳᠡᠭᠯᠠᠬᠦ ᠳᠡᠭᠡᠨ᠄ ︽ᠨᠠᠢᠮᠠᠨ  ᠪᠣᠯᠠᠭ ᠤᠨ ᠵᠠᠭᠦᠨ ᠲᠠᠯ᠎ᠠ ᠶᠢᠨ ᠬᠢᠨᠢ ᠲᠣᠯᠣᠭᠠᠢ  ᠶᠢᠨ ᠷᠠᠰᠢᠶᠠᠨ᠂  ᠵᠡᠭᠦᠨ ᠬᠤᠶᠢᠳᠣ ᠲᠠᠯ᠎ᠠ  ᠶᠢᠨ ᠬᠢᠨᠢ ᠪᠠᠷᠠᠭᠤᠨ ᠨᠢᠳᠣ ᠴᠢᠬᠢ  ᠶᠢᠨ ᠷᠠᠰᠢᠶᠠᠨ᠂  ᠵᠡᠭᠦᠨ ᠡᠮᠥᠨ᠎ᠡ ᠲᠠᠯ᠎ᠠ  ᠶᠢᠨ ᠬᠢᠨᠢ ᠵᠠᠭᠦᠨ ᠨᠢᠳᠣ ᠴᠢᠬᠢ  ᠶᠢᠨ ᠷᠠᠰᠢᠶᠠᠨ᠂  ᠬᠤᠶᠢᠳᠣ ᠲᠠᠯ᠎ᠠ ᠶᠢᠨ ᠬᠢᠨᠢ ᠪᠣᠷᠣ ᠰᠢᠷ᠎ᠠ ᠪᠠ ᠡᠯᠢᠭᠡᠨ  ᠤ ᠷᠠᠰᠢᠶᠠᠨ᠂  ᠡᠮᠥᠨ᠎ᠡ ᠲᠠᠯ᠎ᠠ  ᠶᠢᠨ ᠬᠢᠨᠢ ᠲᠠᠪᠣᠨ ᠴᠣᠯᠣ  ᠶᠢᠨ ᠷᠠᠰᠢᠶᠠᠨ᠂  ᠭᠤᠣᠯ ᠲᠣᠮᠳᠠ  ᠶᠢᠨ ᠬᠢᠨᠢ ᠬᠤᠳᠣᠭᠤᠳᠣ  ᠶᠢᠨ ᠷᠠᠰᠢᠶᠠᠨ᠂  ᠪᠠᠷᠠᠭᠤᠨ ᠬᠤᠶᠢᠳᠣ ᠲᠠᠯ᠎ᠠ ᠶᠢᠨ ᠬᠢᠨᠢ  ᠪᠠᠷᠠᠭᠤᠨ ᠬᠥᠯ ᠪᠠ ᠬᠤᠶᠠᠩ ᠰᠢᠷ᠎ᠠ ᠣᠰᠣᠨ  ᠤ ᠷᠠᠰᠢᠶᠠᠨ᠂  ᠪᠠᠷᠠᠭᠤᠨ ᠡᠮᠣᠨ᠎ᠠ ᠲᠠᠯ᠎ᠠ ᠶᠢᠨ ᠬᠢᠨᠢ ᠵᠠᠭᠦᠨ ᠬᠥᠯ ᠪᠠ ᠶᠠᠷ᠎ᠠ ᠰᠢᠷᠬᠠᠨ  ᠤ ᠷᠠᠰᠢᠶᠠᠨ︾  ᠭᠡᠵᠣ  ᠲᠣᠳᠣᠷᠬᠠᠢ ᠵᠢᠭᠠᠭᠰᠠᠨ ᠪᠠᠶᠢᠳᠠᠭ᠃      ᠷᠠᠰᠢᠶᠠᠨ  ᠤ ᠡᠮᠥᠨ᠎ᠡ ᠲᠠᠯ᠎ᠠ  ᠳᠤ ᠲᠠᠭᠢᠯᠭ᠎ᠠ ᠶᠢᠨ ᠣᠪᠣᠭ᠎ᠠ ᠪᠠᠶᠢᠷᠢᠯᠠᠵᠣ᠂  ᠵᠡᠭᠦᠨ ᠡᠳᠡᠭᠡᠳ  ᠲᠤ ᠷᠠᠰᠢᠶᠠᠨ ᠰᠣᠪᠢᠯᠠᠯᠳᠠ  ᠳᠤ ᠵᠣᠷᠢᠭᠤᠯᠣᠭᠰᠠᠨ ᠣᠷᠴᠢᠮ  ᠤᠨ ᠵᠢᠯ  ᠳᠤ ᠪᠠᠷᠢᠭᠰᠠᠨ ᠬᠤᠶᠠᠷ ᠮᠥᠷ ᠪᠠᠶᠢᠰᠢᠩ ᠪᠠᠶᠢᠳᠠᠭ᠃ ᠬᠤᠶᠠᠷ ᠵᠠᠭᠤ ᠭᠠᠷᠣᠢ ᠵᠢᠯ  ᠤᠨ ᠲᠡᠣᠬᠡ ᠲᠠᠢ ᠡᠨᠡ ᠷᠠᠰᠢᠶᠠᠨ ᠨᠢ ᠣᠳᠣ ᠪᠣᠯᠳᠠᠯ᠎ᠠ ᠬᠥᠮᠥᠨ ᠠᠷᠠᠳ  ᠤᠨ ᠪᠡᠶ᠎ᠡ ᠰᠣᠪᠢᠯᠠᠯᠳᠠ  ᠶᠢᠨ ᠬᠡᠷᠡᠭᠯᠡᠭᠳᠡᠭᠦᠨ ᠪᠣᠯᠣᠭᠰᠠᠭᠠᠷ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号