ᠠᠯᠲᠠᠨ ᠣᠯᠣᠰ  ᠤᠨ ᠬᠡᠷᠡᠮ
ᠨᠡᠶᠢᠲᠡᠯᠡᠭᠰᠡᠨ ᠴᠠᠭ᠄
2017/5/16
     ᠨᠣᠳᠤᠭ  ᠤᠨ ᠬᠢᠨ ᠪᠠᠰᠠ ︽ᠡᠯᠵᠢᠬᠡᠨ ᠴᠢᠬᠢᠲᠦ ᠶᠢᠨ ᠬᠡᠷᠡᠮ︾᠂ ︽ᠴᠢᠩᠬᠢᠰ ᠤᠨ ᠬᠡᠷᠡᠮ︾ ᠬᠡᠳᠡᠭ᠃ ᠠᠯᠳᠠᠨ ᠣᠯᠣᠰ ᠨᠢ ᠮᠣᠩᠭᠤᠯ ᠤᠨ ᠬᠦᠴᠦᠨ ᠡᠮᠦᠨᠡᠰᠢᠯᠡᠬᠦ ᠶᠢ ᠰᠡᠷᠬᠡᠶᠢᠯᠡᠬᠦ ᠵᠣᠷᠢᠯᠲᠠ ᠪᠠᠷ ᠲᠢᠶᠠᠨ ᠡᠾᠦ᠋ᠢ ᠶᠢᠨ ᠲᠦᠷᠪᠡᠳᠦᠬᠡᠷ  ᠣᠨ ︵1126 ᠣᠨ︶ ᠠᠴᠠ ᠡᠬᠢᠯᠡᠨ ᠳ᠋ᠠ ᠳ᠋ᠢᠩ᠂ ᠮᠢᠩ ᠴᠠᠩ᠂ ᠴᠧᠩ ᠠᠨ  ᠤ ᠣᠨ  ᠨᠤᠭᠤᠳ ᠢ ᠲᠠᠮᠵᠢᠨ᠂ ᠲᠠᠢ ᠡᠾᠧ ᠶᠢᠨ ᠳᠦᠷᠪᠡᠳᠦᠬᠡᠷ ᠣᠨ ︵1204  ᠣᠨ︶ ᠤ ᠣᠷᠢᠳ ᠬᠤᠵᠢᠳ ᠢᠶᠠᠷ ᠪᠠᠷᠤᠭ  ᠲᠠᠯᠠ ᠭᠠᠷᠣᠢ ᠵᠢᠯ ᠤᠨ ᠲᠣᠷᠰᠢ ᠭᠤᠷᠪᠠᠨ ᠵᠣᠷᠪᠣᠰ ᠬᠡᠷᠡᠮ ᠢ ᠴᠣᠭᠴᠠᠯᠠᠭᠰᠠᠨ ᠶᠤᠮ᠃ ᠠᠯᠳᠠᠨ ᠣᠯᠣᠰ  ᠤᠨ ᠬᠠᠮᠤᠭ ᠰᠡᠬᠦᠯᠴᠢ ᠶᠢᠨ ᠬᠢᠯᠢ ᠶᠢᠨ ᠰᠡᠷᠬᠡᠶᠢᠯᠡᠯᠲᠡ ᠶᠢᠨ ᠬᠡᠷᠡᠮ ᠨᠢ 1198 ᠣᠨ ᠳᠤ ᠪᠠᠶᠢᠭᠤᠯᠵᠦ ᠳᠠᠭᠤᠰᠴᠠᠢ      ᠡᠨᠡᠬᠦ ᠠᠯᠲᠠᠨ ᠣᠯᠣᠰ  ᠤᠨ ᠬᠡᠷᠡᠮ ᠨᠢ ᠮᠠᠨ  ᠤ ᠬᠤᠰᠢᠭᠤᠨ  ᠤ ᠨᠣᠳᠤᠭ  ᠲᠤ ︽ᠭᠤᠪᠢ  ᠶᠢᠨ ᠡᠮᠥᠨᠡᠬᠢ ᠱᠣᠭᠤᠮ︾ ᠪᠣᠯᠣᠨ ︽ᠭᠤᠣᠯ ᠱᠣᠭᠤᠮ  ᠤᠨ ᠪᠠᠷᠠᠭᠤᠨ ᠰᠠᠯᠪᠣᠷᠢ ᠱᠣᠭᠤᠮ︾ ᠭᠡᠵᠣ ᠬᠤᠶᠠᠷ ᠵᠣᠷᠪᠣᠰ ᠪᠠᠶᠢᠳᠠᠭ ᠪᠢᠯᠡ᠃  ︽ᠭᠤᠪᠢ  ᠶᠢᠨ ᠡᠮᠥᠨᠡᠬᠢ ᠱᠣᠭᠤᠮ︾ ᠨᠢ ᠬᠢᠩᠭᠠᠨ ᠠᠶᠢᠮᠠᠭ  ᠠᠴᠠ  ᠵᠠᠯᠭᠠᠨ ᠠᠪᠴᠣ᠂  ᠪᠣᠭᠳᠠ ᠠᠭᠤᠯᠠ᠂ ᠮᠠᠨᠳᠣᠬᠤᠪᠣᠯᠠᠭ ᠰᠣᠮᠣᠨ   ᠤ ᠬᠡᠰᠡᠭ ᠨᠣᠳᠤᠭ  ᠢ ᠲᠠᠭᠠᠷᠢᠨ ᠮᠣᠩᠭᠤᠯ ᠣᠯᠣᠰ  ᠤᠨ ᠬᠢᠯᠢ  ᠳᠤ ᠣᠷᠣᠨ᠎ᠠ᠂᠂  ᠮᠠᠨ  ᠤ ᠬᠤᠰᠢᠭᠤᠨ  ᠤ ᠨᠣᠳᠤᠭ ᠢᠶᠠᠷ ᠲᠠᠮᠵᠢᠨ ᠥᠩᠭᠡᠷᠡᠭᠰᠡᠨ ᠡᠨᠡ ᠱᠣᠭᠤᠮ   ᠤᠨ 31 ᠲᠠᠰᠣᠷᠬᠠᠢ ᠬᠡᠰᠡᠭ  ᠤᠨ ᠪᠥᠬᠦ ᠣᠷᠳᠣ ᠨᠢ 105.50 km  ᠪᠠᠶᠢᠵᠣ᠂  ᠣᠭ ᠬᠡᠷᠡᠮ  ᠠᠴᠠ 300 — 700  m   ᠤᠨ  ᠵᠠᠢ ᠳᠤ 5000 — 10000 m  ᠠᠯᠣᠰᠯᠠᠬᠤ ᠪᠥᠷᠢ  ᠬᠠᠷᠠᠭᠤᠯ  ᠤᠨ  ᠴᠣᠨᠵᠢ ︵ ᠪᠠᠬᠢᠯᠡᠯᠳᠡ︶ ᠪᠠᠶᠢᠳᠠᠭ  ᠠᠴᠠ ᠡᠨᠡ ᠬᠡᠰᠡᠭ ᠱᠣᠭᠤᠮ   ᠤᠨ ᠲᠠᠭᠠᠣ 5 ᠴᠣᠨᠵᠢ ᠶᠢ ᠢᠯᠡᠷᠡᠭᠦᠯᠵᠡᠢ᠃ ︽ᠭᠤᠣᠯ ᠱᠣᠭᠤᠮ  ᠤᠨ ᠪᠠᠷᠠᠭᠤᠨ ᠰᠠᠯᠪᠣᠷᠢ ᠱᠣᠭᠤᠮ︾ ᠨᠢ  ᠬᠤᠣᠯᠢᠨ ᠭᠤᠣᠯ  ᠤᠨ ᠨᠣᠳᠤᠭ ᠠᠴᠠ ᠵᠠᠯᠭᠠᠵᠣ᠂ ᠣᠯᠠᠭᠠᠢ ᠨᠡᠭᠡᠭᠡᠯᠳᠡ  ᠶᠢᠨ ᠣᠷᠣᠨ᠂ ᠬᠥᠷᠢᠶᠡᠳᠣᠨᠠᠭᠤᠷ ᠰᠣᠮᠣ᠂  ᠴᠠᠭᠠᠨᠨᠠᠭᠤᠷ ᠰᠣᠮᠣ᠂ ᠲᠠᠭᠤᠳᠣᠨᠠᠭᠤᠷ ᠰᠣᠮᠣᠨ  ᠤ ᠬᠡᠰᠡᠭ ᠨᠣᠳᠤᠭ  ᠢ ᠲᠠᠭᠠᠷᠢᠨ ᠥᠩᠭᠡᠷᠡᠨ᠎ᠠ᠂᠂ ᠡᠨᠡ ᠱᠣᠭᠤᠮ ᠤᠨ 32 ᠲᠠᠰᠣᠷᠬᠠᠢ ᠬᠡᠰᠡᠭ  ᠤᠨ ᠪᠥᠬᠦ ᠣᠷᠳᠣ ᠨᠢ 120.8 km  ᠪᠠᠶᠢᠵᠣ᠂ 18 ᠬᠠᠷᠠᠭᠤᠯ ᠤᠨ ᠴᠣᠨᠵᠢ ᠪᠠᠶᠢᠳᠠᠭ᠃  ᠡᠨᠡ ᠬᠤᠶᠠᠷ ᠱᠣᠭᠤᠮ  ᠤᠨ ᠲᠠᠭᠠᠤ ᠪᠠᠶᠢᠭᠤᠯᠣᠭᠰᠠᠨ  ᠬᠠᠷᠠᠭᠤᠯ  ᠤᠨ ᠴᠣᠨᠵᠢ ᠶᠢᠨ ᠬᠡᠯᠪᠡᠷᠢ ᠨᠢ ᠬᠤᠭᠤᠷᠣᠨᠳᠣ  ᠪᠠᠨ ᠣᠨᠳᠣᠣ ᠪᠠᠶᠢᠵᠣ᠂  ᠣᠨ ᠴᠠᠭ  ᠤᠨ  ᠣᠷᠳᠣ  ᠳᠤ ᠪᠠᠯᠠᠷᠠᠨ ᠰᠥᠢᠳᠴᠣ ᠡᠪᠳᠡᠷᠡᠭᠰᠡᠨ ᠪᠣᠯᠪᠠᠴᠣ 2006 ᠣᠨ  ᠳᠤ ᠣᠯᠣᠰ  ᠤᠨ ᠲᠡᠰ  ᠤᠨ ᠬᠠᠮᠠᠭᠠᠯᠠᠯᠳᠠ  ᠶᠢᠨ ᠲᠣᠷᠠᠰᠬᠠᠯ ᠪᠣᠯᠭᠠᠵᠣ᠂  ᠬᠥᠰᠢᠶ᠎ᠡ ᠪᠣᠰᠠᠬᠨ ᠬᠠᠮᠠᠭᠠᠯᠠᠭᠰᠠᠨ ᠶᠣᠮ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号