ᠰᠢᠨ᠎ᠡ ᠰᠦᠮ᠎ᠡ
ᠨᠡᠶᠢᠲᠡᠯᠡᠭᠰᠡᠨ ᠴᠠᠭ᠄
2017/5/16
     ᠣᠳᠣ ᠶᠢᠨ ᠲᠠᠭᠤᠳᠣᠨᠠᠭᠤᠷ ᠪᠠᠯᠭᠠᠰᠣᠨ ᠤ ᠲᠥᠪ ᠳᠤ ᠪᠣᠢ᠃  ᠣᠣᠯ ᠤᠨ ᠥᠵᠥᠮᠥᠴᠢᠨ ᠪᠠᠷᠠᠭᠤᠨ ᠬᠤᠰᠢᠭᠤᠨ ᠤ ᠬᠠᠷᠢᠶ᠎ᠠ ᠵᠢᠷᠭᠤᠭᠠᠨ ᠬᠡᠶᠢᠳ ᠤᠨ ᠨᠢᠭᠡ ᠪᠢᠯᠡ᠃  ᠪᠠᠰᠠ ︽ᠨᠢᠭᠤᠴᠠ ᠲᠠᠷᠨᠢ ᠮᠠᠰᠢ ᠲᠡᠯᠭᠡᠷᠡᠭᠰᠡᠨ ᠰᠥᠮ᠎ᠡ︾ ᠭᠡᠳᠡᠭ᠃ ᠬᠠᠮᠤᠭ ᠠᠩᠬ᠎ᠠ ᠲᠡᠭᠷᠢ ᠲᠡᠳᠬᠦᠭᠴᠢ ᠶᠢᠨ ᠠᠷᠪᠠᠳᠣᠭᠠᠷ ᠣᠨ ︵1745 ᠣᠨ︶   ᠳᠤ ᠪᠠᠶᠢᠭᠤᠯᠵᠣ᠂ ᠬᠡᠳᠣᠨᠳᠠ ᠨᠡᠭᠦᠭᠰᠡᠨ ᠤ ᠡᠴᠣᠰ ᠣᠳᠣ ᠪᠠᠶᠢᠭ᠎ᠠ ᠭᠠᠵᠠᠷ ᠲᠣᠭᠳᠠᠨᠢᠵᠠᠢ᠃      ᠰᠢᠨ᠎ᠡ ᠰᠥᠮ᠎ᠡ ᠳᠤ ᠴᠣᠭᠴᠢᠨ ᠲᠣᠭᠠᠩ᠂  ᠴᠣᠶᠢᠷ ᠷᠠᠰᠠᠩ᠂  ᠳᠥᠢᠩᠬᠡᠷ ᠷᠠᠰᠠᠩ᠂  ᠮᠠᠨᠪᠠ ᠷᠠᠰᠠᠩ᠂ ᠵᠣᠳᠸ᠎ᠠ  ᠷᠠᠰᠠᠩ᠂  ᠪᠣᠭᠳᠠ ᠶᠢᠨ ᠯᠠᠪᠷᠣᠩ᠂ ᠡᠭᠦᠳᠡᠨ ᠰᠥᠮ᠎ᠡ᠂ ᠱᠠᠮᠫᠠᠨ ᠭᠡᠷ  ᠤᠳ  ᠂  ᠮᠠᠬᠠᠷᠠᠨᠽᠠ᠂  ᠳ᠋ᠥᠩᠰᠢᠭᠤᠷ ᠮᠠᠨᠢ  ᠶᠢᠨ ᠬᠤᠷᠯᠣ᠂ ᠣᠯᠠᠭᠠᠨ ᠨᠣᠭᠤᠭᠠᠨ ᠰᠣᠪᠣᠷᠭ᠎ᠠ  ᠭᠡᠬᠦ ᠮᠠᠳᠣ  ᠶᠢᠨ ᠪᠠᠷᠢᠯᠭ᠎ᠠ ᠨᠤᠭᠤᠳ ᠪᠠᠶᠢᠳᠠᠭ᠃  ᠬᠥᠣᠰᠢ ᠷᠠᠭᠪᠠᠰᠡᠩᠭᠡᠵᠠᠯᠰᠠᠨ ᠠᠴᠠ ᠬᠤᠶᠢᠰᠢ ᠵᠢᠷᠭᠤᠭᠠᠨ ᠲᠥᠷᠢ ᠶᠢᠨ ᠰᠢᠷᠡᠭᠡᠨ ᠭᠡᠭᠡᠨ ᠵᠠᠯᠠᠪᠠ᠃ ᠰᠣᠶᠣᠯ  ᠤᠨ ᠬᠤᠪᠢᠰᠬᠠᠯ ᠳᠤ ᠮᠠᠰᠢ ᠶᠡᠭᠡ ᠡᠪᠳᠡᠭᠳᠡᠵᠣ ᠰᠦᠢᠳᠦᠭᠳᠡᠭᠰᠡᠨ ᠢᠶᠠᠨ 1986  ᠣᠨ ᠳᠤ ᠲᠠᠬᠢᠨ ᠰᠡᠷᠭᠦᠭᠡᠵᠣ  ᠬᠤᠷᠠᠯ ᠬᠤᠷᠠᠨ᠂ ᠠᠷᠪᠠᠳᠣᠭᠠᠷ ᠲᠥᠷᠢ ᠶᠢᠨ ᠪᠠᠨᠴᠢᠨ ᠡᠷᠳᠡᠨᠢ  ᠠᠴᠠ ︽ᠬᠠᠷᠠᠩᠭᠤᠢ  ᠶᠢ ᠠᠷᠢᠯᠭᠠᠭᠴᠢ ᠨᠣᠮ  ᠤᠨ  ᠬᠥᠷᠳᠣᠨ ᠬᠡᠶᠢᠳ︾  ᠬᠡᠮᠡᠬᠦ ᠢᠯᠡᠷᠬᠡᠶᠢᠯᠡᠯ ᠥᠭᠴᠣ ᠣᠳᠣ ᠪᠣᠯᠳᠠᠯ᠎ᠠ ᠱᠠᠰᠢᠨ ᠤ ᠠᠵᠢᠯᠯᠠᠭ᠎ᠠ ᠶᠠᠪᠣᠭᠤᠯᠵᠣ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号