ᠭᠠᠬᠢᠯ ᠰᠦᠮ᠎ᠡ
ᠨᠡᠶᠢᠲᠡᠯᠡᠭᠰᠡᠨ ᠴᠠᠭ᠄
2017/5/16
     ᠣᠳᠣ  ᠶᠢᠨ ᠭᠠᠬᠢᠯ ᠰᠤᠮᠤᠨ ᠤ ᠭᠠᠬᠢᠯ ᠲᠣᠭᠤᠷᠢᠭ  ᠲᠤ ᠪᠣᠢ᠃ ᠣᠣᠯ  ᠤᠨ ᠥᠵᠥᠮᠥᠴᠢᠨ ᠵᠡᠭᠦᠨ ᠭᠠᠷᠣᠨ ᠬᠤᠰᠢᠭᠤᠨ ᠤ ᠵᠢᠷᠭᠤᠭᠠᠨ ᠬᠡᠶᠢᠳ ᠤᠨ ᠨᠢᠭᠡ ᠶᠣᠮ᠃ ᠪᠠᠰᠠ ︽ᠱᠠᠰᠢᠨ  ᠢ ᠪᠠᠳᠠᠷᠠᠭᠤᠯᠣᠭᠴᠢ ᠰᠥᠮ᠎ᠡ︾ ᠭᠡᠳᠡᠭ᠃      ᠠᠩᠬ᠎ᠠ ᠲᠡᠭᠷᠢ ᠲᠡᠳᠭᠦᠭᠴᠢ  ᠶᠢᠨ59 ᠣᠨ ︵1794 ᠣᠨ︶  ᠳᠤ ᠪᠠᠶᠢᠭᠤᠯᠵᠠᠢ᠃ ᠴᠣᠭᠴᠢᠨ ᠲᠣᠭᠠᠩ᠂  ᠵᠡᠭᠦᠨ ᠪᠠᠷᠠᠭᠤᠨ ᠰᠠᠬᠢᠭᠤᠰᠤ ᠶᠢᠨ ᠰᠥᠮ᠎ᠡ᠂  ᠢᠷᠣᠭᠡᠯ  ᠤᠨ ᠰᠥᠮ᠎ᠡ᠂ ᠵᠣᠳᠸ᠎ᠠ ᠲᠣᠭᠠᠩ᠂  ᠲᠣᠭᠰᠢᠳ  ᠤᠨ ᠲᠣᠭᠠᠩ᠂ ᠡᠭᠦᠳᠡᠨ ᠰᠥᠮ᠎ᠡ᠂  ᠬᠠᠮᠪᠤ  ᠶᠢᠨ ᠯᠠᠪᠷᠣᠩ᠂  ᠵᠡᠭᠦᠨ ᠪᠠᠷᠠᠭᠤᠨ ᠱᠠᠮᠫᠠᠨ᠂  ᠬᠤᠶᠠᠷ ᠲᠠᠯ᠎ᠠ ᠳᠠᠭᠠᠨ ᠬᠤᠷᠯᠣ  ᠶᠢᠨ ᠰᠠᠷᠠᠪᠴᠢ᠂  ᠬᠤᠣᠰ ᠴᠢᠯᠠᠭᠤᠨ ᠠᠷᠰᠯᠠᠨ᠂  ᠴᠢᠯᠠᠭᠤᠨ ᠪᠣᠶᠢᠫᠣᠷ᠂  ᠶᠢᠩᠫᠠᠢ᠂  ᠴᠢᠭᠠᠩ᠂ ᠬᠤᠶᠠᠷ ᠰᠣᠪᠣᠷᠭ᠎ᠠ  ᠭᠡᠬᠦ ᠮᠠᠳᠣ  ᠶᠢᠨ ᠪᠠᠷᠢᠯᠭ᠎ᠠ  ᠨᠤᠭᠤᠳ ᠪᠠᠶᠢᠵᠠᠢ᠃ ᠰᠣᠶᠣᠯ  ᠤᠨ ᠬᠤᠪᠢᠰᠬᠠᠯ ᠳᠤ ᠮᠠᠰᠢ ᠶᠡᠭᠡ ᠡᠪᠳᠡᠭᠳᠡᠵᠣ ᠰᠦᠢᠳᠦᠭᠳᠡᠭᠰᠡᠨ ᠢᠶᠠᠨ 1984  ᠣᠨ ᠳᠤ ᠲᠠᠬᠢᠨ ᠰᠡᠷᠭᠦᠭᠡᠵᠣ  ᠬᠤᠷᠠᠯ ᠬᠤᠷᠠᠨ᠂ ᠪᠠᠷᠢᠯᠭ᠎ᠠ ᠪᠠᠶᠢᠭᠤᠯᠣᠮᠵᠢ  ᠶᠢᠨ ᠠᠵᠢᠯ ᠡᠬᠢᠯᠡᠵᠣ᠂  ᠠᠷᠪᠠᠳᠣᠭᠠᠷ ᠲᠥᠷᠢ  ᠶᠢᠨ ᠪᠠᠨᠴᠢᠨ ᠡᠷᠳᠡᠨᠢ  ᠠᠴᠠ ︽ᠱᠠᠰᠢᠨ  ᠢ ᠪᠠᠳᠠᠷᠠᠭᠤᠯᠣᠭᠴᠢ ᠨᠣᠮ  ᠤᠨ ᠬᠥᠷᠳᠣ ᠶᠢ ᠡᠷᠭᠢᠭᠦᠯᠥᠭᠴᠢ ᠰᠥᠮ᠎ᠡ︾  ᠬᠡᠮᠡᠬᠦ ᠢᠯᠡᠷᠬᠡᠶᠢᠯᠡᠯ ᠣᠯᠭᠤᠵᠣ ᠣᠳᠣ ᠪᠣᠯᠳᠠᠯ᠎ᠠ ᠱᠠᠰᠢᠨ  ᠤ ᠠᠵᠢᠯᠯᠠᠭ᠎ᠠ ᠶᠠᠪᠣᠭᠤᠯᠵᠣ ᠪᠠᠶᠢᠨ᠎ᠠ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号