ᠰᠣᠶᠣᠯᠵᠢ ᠶᠢᠨ ᠪᠣᠭᠳᠠ ᠠᠭᠤᠯᠠ
ᠨᠡᠶᠢᠲᠡᠯᠡᠭᠰᠡᠨ ᠴᠠᠭ᠄
2017/5/10
     ᠪᠣᠭᠳᠠ ᠠᠭᠤᠯᠠ ᠨᠢ ᠵᠡᠭᠦᠨ ᠥᠵᠥᠮᠥᠴᠢᠨ ᠬᠤᠰᠢᠭᠤᠨ  ᠤ ᠵᠡᠭᠦᠨ ᠬᠤᠶᠢᠳᠣ ᠥᠨᠴᠥᠭ᠂ ᠬᠢᠩᠭᠠᠨ ᠠᠶᠢᠮᠠᠭ ᠂ ᠮᠣᠩᠭᠤᠯ ᠣᠯᠣᠰ  ᠤᠨ ᠲᠣᠷᠣᠨᠠᠳᠣ ᠠᠶᠢᠮᠠᠭ ᠲᠠᠢ ᠵᠠᠬ᠎ᠠ ᠨᠡᠶᠢᠯᠠᠵᠣ ᠪᠠᠶᠢᠭ᠎ᠠ ᠠᠭᠤᠯᠠ ᠶᠣᠮ᠃  ᠴᠢᠩ ᠣᠯᠣᠰ  ᠤᠨ ᠬᠠᠭᠠᠨ  ᠤ ᠠᠪᠠ ᠬᠤᠮᠣᠷᠭ᠎ᠠ  ᠶᠢᠨ ︽ᠲᠠᠷᠬᠠᠨ ᠭᠠᠵᠠᠷ︾  ᠪᠢᠯᠡ᠃  ᠠᠷᠠᠳ  ᠤᠨ ᠶᠠᠷᠢᠶ᠎ᠠ᠂  ᠲᠠᠭᠤᠨ ᠳᠤ ︽ᠰᠣᠶᠣᠯᠵᠢ ᠠᠭᠤᠯᠠ︾᠂ ︽ᠥᠵᠥᠮᠥᠴᠢᠨ ᠠᠭᠤᠯᠠ︾᠂ ︽ᠡᠪᠥᠭᠡᠨ ᠠᠭᠤᠯᠠ︾ ᠭᠡᠬᠦ ᠮᠡᠳᠣ  ᠪᠠᠷ ᠲᠠᠭᠤᠳᠠᠳᠠᠭ᠃ ︽ ᠲᠠᠶᠢᠴᠢᠩ ᠣᠯᠣᠰ  ᠤᠨ ᠮᠣᠩᠭᠤᠯ  ᠤᠨ ᠲᠡᠣᠬᠡ︾᠂ ︽ ᠬᠥᠯᠥᠨ ᠪᠣᠶᠢᠷ  ᠤᠨ ᠭᠠᠵᠠᠷ  ᠤᠨ ᠶᠡᠷᠣᠩᠭᠡᠢ ᠬᠠᠣᠯᠢ︾᠂ ︽ ᠵᠡᠭᠦᠨ ᠥᠵᠥᠮᠥᠴᠢᠨ ᠬᠤᠰᠢᠭᠤᠨ  ᠤ ᠬᠠᠷᠠᠭᠤᠯ  ᠤᠨ ᠲᠥᠰᠢᠮᠠᠯ ᠬᠢᠭᠡᠳ ᠴᠡᠷᠢᠭ  ᠤᠨ ᠨᠡᠷ᠎ᠡ ᠲᠤᠭ᠎ᠠ  ᠶᠢ  ᠮᠡᠳᠡᠭᠦᠯᠣᠷ᠎ᠡ ᠡᠷᠭᠦᠭᠦ ᠴᠢᠰᠧ︾  ᠵᠡᠷᠭᠡ  ᠳᠤ ︽ᠰᠣᠶᠣᠯᠵᠢ ᠠᠭᠤᠯᠠ︾ ᠬᠡᠮᠡᠨ ᠲᠣᠳᠣᠷᠬᠠᠢ ᠲᠡᠮᠳᠡᠭᠯᠡᠭᠰᠡᠨ ᠪᠠᠶᠢᠳᠠᠭ᠃  ᠠᠳᠡ ᠲᠡᠮᠳᠡᠭᠯᠡᠭᠰᠡᠨ  ᠠᠴᠠ ᠬᠠᠷᠠᠬᠤ  ᠳᠤ  ᠲᠡᠭᠷᠢ ᠲᠡᠳᠭᠦᠭᠴᠢ  ᠶᠢᠨ ᠲᠠᠪᠢᠨ ᠲᠠᠪᠣᠳᠣᠭᠠᠷ ᠣᠨ ︵1790  ᠣᠨ︶   ᠳᠤ ᠰᠣᠶᠣᠯᠵᠢ   ᠶᠢᠨ ᠪᠣᠭᠳᠠ ᠠᠭᠤᠯᠠ  ᠶᠢ ᠬᠠᠷᠠᠮᠥ᠋ᠷᠡᠨ᠂  ᠬᠠᠯᠬ᠎ᠠ᠂  ᠥᠵᠥᠮᠥᠴᠢᠨ᠂  ᠵᠢᠷᠢᠮ  ᠤᠨ  ᠬᠠᠷᠢᠶᠠᠳᠣ ᠨᠣᠳᠤᠭ ᠪᠣᠯᠭᠠᠨ ᠱᠠᠩᠨᠠᠨ ᠥᠭᠴᠤ᠂ ᠰᠣᠶᠣᠯᠵᠢ  ᠶᠢᠨ ᠪᠣᠭᠳᠠ ᠠᠭᠤᠯᠠ  ᠶᠢᠨ ᠣᠷᠣᠢ  ᠶᠢ ᠠᠯᠪᠠᠨ ᠭᠠᠵᠠᠷ ᠪᠣᠯᠭᠠᠵᠣ᠂  ᠰᠢᠯᠢ  ᠶᠢᠨ ᠭᠤᠣᠯ᠂  ᠵᠢᠷᠢᠮ᠂  ᠭᠡᠷᠣᠯᠣᠨ ᠪᠠᠷᠰ ᠬᠤᠳᠠ ᠵᠡᠷᠭᠡ  ᠭᠤᠷᠪᠠᠨ ᠴᠢᠭᠤᠯᠭᠠᠨ ᠠᠴᠠ ᠡᠭᠡᠯᠵᠢᠯᠡᠨ ᠲᠠᠬᠢᠳᠠᠭ ᠪᠣᠯᠣᠭᠰᠠᠨ ᠪᠢᠯᠡ᠃
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠦᠪ ᠤᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号