ᠬᠤᠷᠸ᠎ᠠ ᠶᠢᠨ ᠲᠦᠮᠡᠨ ᠳᠤ ᠬᠡᠰᠢᠭ ᠢᠶᠠᠨ ᠢᠪᠡᠭᠡᠭᠰᠡᠨ ᠡᠵᠢ ᠨᠠᠭᠤᠷ
ᠨᠡᠶᠢᠲᠡᠯᠡᠭᠰᠡᠨ ᠴᠠᠭ᠄
2017/5/10
     ᠡᠵᠢ ᠨᠠᠭᠤᠷ  ᠤᠨ ᠲᠣᠬᠠᠢ ᠰᠣᠷᠪᠣᠯᠵᠢ ᠪᠢᠴᠢᠭ᠂ ᠲᠡᠣᠭᠡ ᠲᠡᠮᠲᠡᠭᠯᠡᠯ᠂  ᠥᠭᠦᠯᠡᠯ ᠵᠣᠬᠢᠶᠠᠯ ᠤᠳ ᠲᠤ ︽ᠴᠣᠩᠬᠤᠷ ᠡᠵᠢ᠂ ᠶᠡᠭᠡ ᠳᠠᠪᠣᠰᠣᠨ ᠭᠤᠣᠯ᠂ ᠦᠯᠡᠮᠵᠢ ᠶᠢᠨ ᠲᠡᠵᠢᠭᠡᠯᠳᠣ ᠨᠠᠭᠤᠷ᠂ ᠳᠠᠪᠣᠰᠣᠨ ᠨᠠᠭᠤᠷ᠂ ᠡᠵᠢ ᠨᠠᠭᠤᠷ︾ ᠭᠡᠭᠦ ᠮᠡᠳᠣ ᠪᠠᠷ ᠲᠡᠮᠳᠡᠭᠯᠡᠵᠣ ᠪᠠᠶᠢᠳᠠᠭ  ᠃  ᠡᠨᠡ ᠲᠣᠬᠠᠢ ᠰᠣᠷᠪᠣᠯᠵᠢ ᠪᠢᠴᠢᠭ  ᠢ ᠰᠢᠭᠦᠵᠣ ᠰᠡᠶᠢᠷᠡᠭᠦᠯᠪᠡᠯ᠄ ︿︿ᠬᠠᠨ ᠣᠯᠣᠰ ᠤᠨ ᠲᠡᠣᠭᠡ᠂ ᠭᠠᠵᠠᠷ ᠵᠦᠢ ᠶᠢᠨ ᠲᠡᠮᠲᠡᠭᠯᠡᠯ  ﹀﹀ ᠳᠤ ᠡᠵᠢ ᠨᠠᠭᠤᠷ  ᠢ ︿ᠭᠦᠬᠡ ᠳᠠᠪᠣᠰᠣᠨ ᠨᠠᠭᠤᠷ﹀ ᠭᠡᠵᠣ ᠳᠣᠳᠣᠷᠬᠠᠢ ᠲᠡᠮᠳᠡᠭᠯᠡᠵᠣ ᠪᠠᠶᠢᠳᠠᠭ ᠪᠦᠭᠡᠳ  ᠯᠢᠶᠣᠣ ᠣᠯᠣᠰ ᠤᠨ ᠦᠶ᠎ᠡ ᠳᠤ  ᠡᠨᠡ ᠬᠠᠪᠢ ᠶᠢᠨ ᠭᠠᠵᠠᠷ ᠣᠷᠣᠨ ᠢ ᠳᠡᠭᠡᠳᠣ ᠨᠡᠶᠢᠰᠯᠡᠯ ᠤᠨ ᠥᠭᠡᠯᠡᠳ ᠵᠠᠮ ᠤᠨ ᠴᠡᠷᠢᠭ ᠤᠨ ᠵᠣᠷᠭᠠᠨ ᠳᠤ ᠬᠠᠮᠢᠶᠠᠷᠣᠭᠤᠯᠵᠣ ᠪᠠᠶᠢᠭᠰᠠᠨ  ᠪᠦᠭᠡᠳ  ᠲᠡᠷᠡ ᠦᠶ᠎ᠡ ᠠᠴᠠ ᠡᠬᠢᠯᠡᠨ ᠭᠦᠬᠡ ᠳᠠᠪᠣᠰᠣ ᠶᠢ ᠶᠡᠭᠡ ᠬᠡᠮᠵᠢᠶ᠎ᠡ ᠪᠠᠷ ᠭᠠᠳᠠᠭᠰᠢ ᠵᠦᠭᠡᠭᠡᠪᠣᠷᠢᠯᠡᠨ ᠡᠬᠢᠯᠡᠪᠡ ᠭᠡᠵᠣ ᠲᠡᠮᠲᠡᠭᠯᠡᠵᠣ ᠪᠣᠢ᠃ ︿︿ ᠠᠯᠲᠠᠨ ᠣᠯᠣᠰ  ᠤᠨ ᠲᠡᠣᠭᠡ﹀﹀   ᠳᠤ  ᠄ ︿︿᠂᠂᠂  ᠠᠯᠳᠠᠨ ᠤᠯᠤᠰ ᠤᠨ ᠳ᠋ᠠ ᠲᠠᠩ ᠤᠨ ᠠᠷᠪᠠᠨ ᠬᠤᠶᠠᠳᠣᠭᠠᠷ ᠣᠨ ︿ᠣᠨ ᠳᠣᠭᠠᠯᠠᠯ ᠤᠨ1172 ᠣᠨ﹀ ᠳᠤ ᠳᠠᠪᠣᠰᠣᠨ ᠶᠠᠪᠣᠳᠠᠯ ᠤᠨ ᠰᠠᠶᠢᠳ ᠳᠣᠮᠢᠯᠠᠨ ᠭᠦᠬᠡ ᠳᠠᠪᠣᠰᠣ ᠶᠢ ᠬᠠᠮᠢᠶᠠᠷᠪᠠ᠂᠂᠂  ﹀﹀ ᠭᠡᠵᠣ ᠳᠡᠮᠲᠡᠭᠯᠡᠭᠰᠡᠨ ᠪᠠᠶᠢᠨ᠎ᠠ᠃ ᠠᠯᠳᠠᠨ ᠣᠯᠣᠰ ᠤᠨ ᠡᠬᠢᠨ ᠤ ᠦᠶ᠎ᠡ ᠳᠤ ᠳ᠋ᠠᠲ᠋ᠦ᠋ᠩ ᠳᠤ ︿ᠳᠠᠪᠣᠰᠣᠨ ᠶᠠᠪᠣᠳᠠᠯ ᠤᠨ ᠬᠡᠯᠳᠡᠰ﹀ ᠭᠡᠵᠣ ᠪᠠᠶᠢᠭᠤᠯᠵᠣ᠂ ᠰᠡᠭᠦᠯᠡᠷ ᠨᠢ ᠳᠠᠪᠣᠰᠣ ᠵᠦᠭᠡᠭᠡᠪᠣᠷᠢᠯᠡᠭᠦ ᠶᠡᠭᠡᠳᠭᠦ ᠶᠢ ᠳᠠᠭᠠᠯᠳᠣᠨ ᠣᠳᠣᠬᠢ ᠳᠠᠶᠢᠹᠣᠰᠧ ᠬᠤᠰᠢᠭᠤ ᠪᠣᠯᠣᠨ ᠡᠾᠧᠪᠸᠢ ᠮᠣᠵᠢ ᠶᠢᠨ ᠭᠦ᠋ ᠶᠣᠸᠠᠨ ᠰᠢᠶᠠᠨ ᠤ ᠬᠢᠵᠠᠭᠠᠷ ᠲᠤ ᠪᠠᠶᠢᠬᠤ ᠯᠢᠶᠠᠨ ᠴᠢᠩ ᠭᠡᠮᠡᠭᠦ ᠭᠠᠵᠠᠷ ᠰᠢᠯᠵᠢᠭᠦᠯᠵᠠᠢ ᠭᠡᠵᠣ ᠳᠡᠮᠳᠡᠭᠯᠡᠵᠣ ᠪᠣᠢ  ᠃ ︿︿ᠠᠯᠳᠠᠨ ᠣᠯᠣᠰ ᠤᠨ ᠳᠡᠣᠭᠡ﹀﹀ ᠶᠢᠨ ︿ᠭᠠᠵᠠᠷ ᠵᠦᠢ ᠶᠢᠨ ᠳᠡᠮᠳᠡᠭᠯᠡᠯ﹀ ᠳᠤ ︽᠂᠂᠂  ᠠᠯᠳᠠᠨ ᠣᠯᠣᠰ   ᠤᠨ ᠵᠠᠩ ᠴᠦᠩ᠂ ᠮᠢᠩ ᠴᠢᠩ ᠤᠨ ᠳᠣᠯᠣᠳᠣᠭᠠᠷ ᠣᠨ  ︿ᠣᠨ ᠳᠣᠭᠠᠯᠠᠯ ᠤᠨ1196 ᠣᠨ  ﹀ ᠳᠤ  ᠭᠸᠣ ᠹᠦᠸᠧ ᠳᠤ ᠴᠧᠩ ᠵᠸᠣ ᠪᠠᠶᠢᠭᠤᠯᠵᠣ᠂ ᠹᠦ᠋ ᠵᠸᠣ ᠳᠤ ᠬᠠᠷᠢᠶᠠᠯᠠᠭᠤᠯᠵᠠᠢ᠃ ᠲᠠᠢ ᠳ᠋ᠧ ᠶᠢᠨ ᠭᠤᠷᠪᠠᠳᠣᠭᠠᠷ ᠣᠨ  ︿1203﹀   ᠳᠤ ᠯᠢᠩ ᠬᠤᠸᠠᠩ ᠣᠷᠳᠣᠨ ᠤ ᠵᠠᠮ ᠤᠨ ᠴᠢᠩ ᠵᠸᠣ ᠶᠢᠨ ᠶᠡᠭᠡ ᠳᠠᠪᠣᠰᠣᠨ ᠭᠤᠣᠯ ᠤᠨ ᠮᠠᠯᠵᠢᠯ ᠤᠨ ᠵᠣᠷᠭᠠᠨ ᠢ ᠪᠠᠶᠢᠭᠤᠯᠪᠠ  ᠂᠂᠂︾ ᠭᠡᠵᠣ ᠳᠡᠮᠳᠡᠭᠯᠡᠵᠠᠢ  ᠃ ᠶᠣᠸᠠᠨ ᠣᠯᠣᠰ ᠤᠨ ᠡᠬᠢᠨ ᠤ ᠦᠶ᠎ᠡ ᠳᠤ ᠮᠦᠨ ᠠᠳᠡ ᠴᠢᠩ ᠵᠸᠣ ᠶᠢ ᠪᠠᠶᠢᠭᠤᠯᠣᠨ ᠳᠠᠪᠣᠰᠣᠨ ᠶᠠᠪᠣᠳᠠᠯ ᠤᠨ ᠶᠠᠮᠣᠨ ᠭᠡᠵᠣ ᠭᠠᠷᠭᠠᠵᠠᠢ  ᠃      ᠮᠢᠩ ᠣᠯᠣᠰ ᠤᠨ ᠦᠶ᠎ᠠ ᠳᠤ ︽᠂᠂᠂  ᠴᠢᠩ ᠵᠸᠣ ᠶᠢᠨ ᠳᠠᠪᠣᠰᠣᠨ ᠶᠠᠪᠣᠳᠠᠯ ᠤᠨ ᠪᠠᠶᠢᠭᠤᠯᠣᠮᠵᠢ ᠶᠢ ᠺᠠᠶᠢᠹᠧᠩ ᠸᠧᠢ ᠳᠤ ᠬᠠᠷᠢᠶᠠᠯᠠᠭᠤᠯᠵᠣ᠂ ᠰᠢᠣᠸᠠᠨ ᠳ᠋ᠧ ᠶᠢᠨ ᠭᠤᠷᠪᠠᠳᠣᠭᠠᠷ ᠣᠨ ︵1428 ᠣᠨ︶ ᠳᠤ ᠰᠢᠯᠵᠢᠭᠦᠯᠣᠨ ᠦᠷᠣᠭᠡᠰᠣᠨ ᠴᠢᠯᠠᠭᠤᠨ ᠬᠠᠭᠠᠯᠭ᠎ᠠ ᠳᠤ ᠪᠠᠶᠢᠭᠤᠯᠣᠭᠠᠳ ᠬᠦᠢ ᠰᠦᠢ᠂ ᠶᠢᠨ ᠪᠸᠢ ᠵᠡᠷᠭᠡ ᠭᠠᠵᠠᠷ ᠲᠤ ᠳᠠᠪᠣᠰᠣ ᠪᠣᠷᠣᠯᠠᠭᠤᠯᠬᠤ ᠠᠵᠢᠯ ᠢ ᠬᠢᠵᠣ ᠪᠠᠶᠢᠯ᠎ᠠ᠂᠂᠂︾ ᠭᠡᠵᠣ ᠳᠡᠮᠳᠡᠭᠯᠡᠵᠣ ᠪᠣᠢ᠃  ᠮᠥᠨ ᠬᠦ ᠮᠢᠩ ᠣᠯᠣᠰ  ᠤᠨ ᠦᠶ᠎ᠡ   ᠶᠢᠨ ᠠᠯᠳᠠᠷᠳᠣ ᠡᠮᠴᠢ ᠯᠢ ᠱᠢ ᠵᠧᠨ ︿︿ᠡᠪᠡᠰᠣᠨ ᠡᠮ ᠤᠨ ᠳᠣᠪᠴᠢ﹀﹀ ᠳᠤ ᠪᠠᠨ ︿︿᠂᠂᠂ ᠠᠷᠣ ᠭᠠᠵᠠᠷ ᠤᠨ ᠳᠠᠪᠣᠰᠣ ᠨᠢ ᠡᠮᠣᠨ᠎ᠡ ᠭᠠᠵᠠᠷ ᠤᠨ ᠳᠠᠪᠣᠰᠣ ᠯᠤᠭ᠎ᠠ ᠬᠡᠷᠡᠭᠴᠡᠭᠡ ᠠᠳᠠᠯᠢ ᠪᠣᠯᠪᠠᠴᠣ ᠰᠢᠷᠭᠠᠭᠠᠵᠣ ᠳᠣᠩᠭᠠᠭᠠᠬᠤ ᠭᠡᠷᠡᠭ ᠦᠭᠡᠢ᠂ ᠠᠮᠳᠠᠳᠠᠢ ᠱᠣᠷᠪᠠᠭ ᠣᠴᠢᠷ ᠡᠮ ᠳᠤ  ᠣᠷᠣᠬᠤᠢ ᠳᠤᠷ ᠣᠭᠢ ᠰᠠᠶᠢᠨ᠂᠂᠂﹀﹀ ᠭᠡᠵᠣ ᠳᠡᠮᠳᠡᠭᠯᠡᠵᠣ ᠪᠠᠶᠢᠨ᠎ᠠ᠃ ᠴᠢᠩ ᠣᠯᠣᠰ ᠤᠨ ᠥᠶ᠎ᠡ  ᠶᠢᠨ ᠵᠣᠬᠢᠶᠠᠯᠴᠢ ᠵᠢᠶᠠᠩ ᠯᠢᠶᠠᠩ ᠴᠢ  ᠶᠢᠨ ᠨᠠᠶᠢᠷᠠᠭᠤᠯᠣᠭᠰᠠᠨ ︿︿ᠳ᠋ᠦᠩ  ᠬᠤᠸᠠ ᠯᠤ᠋﹀﹀ ᠭᠡᠮᠡᠭᠦ ᠳᠡᠮᠳᠡᠭᠯᠡᠯ ᠳᠤ ︿︿᠂᠂᠂ ᠭᠦᠬᠡ ᠳᠠᠪᠣᠰᠣ ᠪᠣᠯᠪᠠᠰᠣ ᠪᠠᠷᠠᠭᠤᠨ ᠦᠵᠣᠮᠣᠴᠢᠨ ᠬᠤᠰᠢᠭᠤᠨ ᠤ ᠨᠣᠳᠤᠭ ᠠᠴᠠ ᠭᠠᠷᠣᠮᠣᠢ᠂ ᠨᠠᠭᠤᠷ ᠠᠨᠣ ᠵᠡᠭᠦᠨᠰᠢ ᠪᠠᠷᠠᠭᠤᠨᠰᠢ ᠵᠢᠷᠠᠨ ᠭᠠᠵᠠᠷ ᠰᠢᠬᠠᠮ᠂ ᠡᠮᠤᠨᠡᠰᠢ ᠣᠮᠠᠷᠠᠰᠢ ᠠᠷᠪᠠᠨ ᠭᠠᠵᠠᠷ ᠰᠢᠬᠠᠮ᠂᠂᠂﹀﹀ ᠭᠡᠵᠣ ᠪᠢᠴᠢᠭᠰᠡᠨ ᠪᠠᠶᠢᠳᠠᠭ᠃      ᠴᠢᠩ ᠣᠯᠣᠰ ᠤᠨ ᠳᠡᠣᠬᠡ ᠶᠢᠨ ᠨᠣᠣᠷᠠᠭ ᠲᠤ ᠳᠡᠮᠳᠡᠭᠯᠡᠭᠰᠡᠨ ᠢᠶᠠᠷ᠄ ᠲᠦᠭᠡᠮᠡᠯ ᠡᠯᠪᠡᠭᠳᠣ ᠶᠢᠨ ᠠᠷᠪᠠᠳᠣᠭᠠᠷ ᠣᠨ ︵1862ᠣᠨ︶ ᠳᠤ ᠡᠵᠢ ᠶᠢᠨ ᠳᠡᠪᠣᠰᠣ ᠶᠢ ᠶᠡᠭᠡ ᠬᠡᠮᠵᠢᠶ᠎ᠡ ᠪᠠᠷ ᠱᠠᠨᠰᠢ ᠮᠣᠵᠢ ᠶᠢᠨ ᠬᠤᠶᠢᠳᠣ ᠬᠡᠰᠡᠭ ᠲᠤ ᠵᠦᠭᠡᠭᠡᠪᠣᠷᠢᠯᠡᠨ ᠣᠷᠣᠭᠤᠯᠵᠣ ᠪᠠᠶᠢᠯ᠎ᠠ ᠭᠡᠵᠣ ᠳᠡᠮᠳᠡᠭᠯᠡᠵᠡᠢ᠃      ︿︿ᠦᠪᠣᠷ ᠮᠣᠩᠭᠤᠯ ᠤᠨ ᠳᠠᠪᠣᠰᠣᠨ ᠣᠶᠢᠯᠡᠰ ᠤᠨ ᠳᠡᠣᠭᠡ﹀﹀ ᠳᠤ ︽᠂᠂᠂  ᠴᠢᠩ ᠣᠯᠣᠰ ᠤᠨ ᠦᠶ᠎ᠡ  ᠳᠤ ᠭᠦᠭᠡ ᠳᠠᠪᠣᠰᠣ ᠶᠢ ᠴᠠᠬᠠᠷ ᠮᠣᠵᠢ ᠿᠧ ᠾᠧ ᠮᠣᠵᠢ ᠳᠤ  ᠬᠤᠳᠠᠯᠳᠣᠨ  ᠪᠣᠷᠣᠯᠠᠭᠤᠯᠵᠣ ᠪᠠᠶᠢᠬᠤ ᠠᠴᠠ ᠭᠠᠳᠠᠨ᠎ᠠ ᠱᠠᠨᠰᠢ ᠮᠣᠵᠢ ᠶᠢᠨ ᠶᠢᠨ ᠪᠸᠢ ᠣᠷᠴᠢᠮ ᠢᠶᠠᠷ  ᠬᠤᠳᠠᠯᠳᠣᠨ ᠪᠣᠷᠣᠯᠠᠭᠤᠯᠵᠣ ᠪᠠᠶᠢᠪᠠ᠂᠂᠂︾ ᠭᠡᠵᠣ ᠳᠡᠮᠳᠡᠭᠯᠡᠵᠣ ᠪᠣᠢ᠃ ︿︿ᠴᠠᠬᠠᠷ ᠮᠣᠵᠢ ᠶᠢᠨ ᠳᠡᠮᠳᠡᠭᠯᠡᠯ﹀﹀ ᠳᠤ ︿︿᠂᠂᠂ ᠮᠣᠩᠭᠤᠯ ᠳᠠᠪᠣᠰᠣ ᠪᠣᠯ ᠰᠢᠯᠢ ᠶᠢᠨ ᠭᠤᠣᠯ  ᠤᠨ ᠮᠠᠰᠢ ᠶᠡᠭᠡ ᠡᠬᠢ ᠪᠠᠶᠠᠯᠢᠭ ᠪᠦᠭᠡᠳ ᠪᠠᠶᠢᠭᠠᠯᠢ ᠶᠢᠨ ᠣᠨᠴᠠ ᠭᠠᠷᠤᠯᠳᠠ ᠳᠣᠯᠠ ᠡᠳᠣᠭᠡ ᠳᠡᠮᠳᠡᠭᠯᠡᠵᠤᠭᠦᠢ᠂ ᠡᠨᠡ ᠭᠠᠵᠠᠷ ᠠᠨᠣ ᠰᠢᠯᠢ ᠶᠢᠨ ᠭᠤᠣᠯ ᠴᠢᠭᠤᠯᠭᠠᠨ ᠤ ᠭᠡᠮᠵᠢᠶ᠎ᠠ ᠳᠤ ᠪᠠᠶᠢᠬᠤ ᠣᠴᠢᠷ ᠠᠴᠠ ᠳᠡᠭᠦᠨ ᠢ ᠡᠵᠡᠮᠰᠢᠭᠦ ᠡᠷᠭᠡ ᠠᠨᠣ ᠮᠣᠩᠭᠤᠯᠴᠣᠳ ᠤᠨ ᠭᠠᠷ ᠲᠤ ᠪᠣᠢ᠂᠂᠂  ﹀﹀ ᠭᠡᠵᠣ ᠳᠣᠳᠣᠷᠬᠠᠢ ᠪᠢᠴᠢᠭᠰᠡᠨ ᠪᠠᠶᠢᠳᠠᠭ᠃      ᠠ᠊᠂ ᠮᠣ᠂ ᠫᠣᠽᠲᠨᠢᠶᠡᠫ  ᠶᠢᠨ ︿︿ᠮᠣᠩᠭᠤᠯ ᠪᠠ ᠮᠣᠩᠭᠤᠯᠴᠣᠳ﹀﹀ ᠬᠡᠮᠡᠭᠦ ᠵᠢᠭᠤᠯᠴᠢᠯᠡᠯ ᠤᠨ ᠳᠡᠮᠳᠡᠭᠯᠡᠯ ᠤᠨ ︿ᠴᠢᠭᠤᠯᠣᠯᠳᠣ ᠬᠠᠭᠠᠯᠭ᠎ᠠ﹀ ᠭᠡᠭᠦ ᠪᠦᠯᠦᠭ ᠳᠤ᠄ ︿︿ᠴᠢᠭᠤᠯᠣᠯᠳᠣ ᠬᠠᠭᠠᠯᠭ᠎ᠠ ᠳᠤ ᠭᠡᠳᠣᠨ ᠶᠡᠭᠡ ᠳᠠᠪᠣᠰᠣᠨ ᠬᠤᠳᠣᠯᠳᠣᠭᠠᠨ ᠤ ᠪᠠᠭᠤᠳᠠᠯ ᠪᠠ ᠫᠦᠰᠡ ᠪᠠᠶᠢᠨ᠎ᠠ᠃  ᠴᠢᠭᠤᠯᠣᠯᠳᠣ ᠬᠠᠭᠠᠯᠭ᠎ᠠ ᠳᠤ ᠳᠠᠪᠣᠰᠣ ᠵᠦᠭᠡᠭᠡᠪᠣᠷᠢᠯᠡᠨ ᠣᠷᠣᠭᠤᠯᠵᠣ ᠪᠠᠶᠢᠭ᠎ᠠ ᠨᠢ ᠮᠠᠯᠵᠢᠬᠤ ᠣᠷᠣᠨ ᠤ ᠠᠪᠠᠭ᠎ᠠ᠂ ᠠᠪᠠᠭ᠋ᠠᠨᠠᠷ᠂ ᠬᠤᠶᠡᠷ ᠬᠠᠭᠤᠴᠢᠳ᠂ ᠬᠤᠶᠡᠷ ᠬᠠᠭᠤᠴᠢᠳ ᠂ ᠬᠤᠶᠡᠷ ᠰᠦᠨᠢᠳ᠂ ᠬᠤᠶᠡᠷ ᠦᠵᠣᠮᠣᠴᠢᠨ ᠬᠤᠰᠢᠭᠤ ᠨᠤᠭᠤᠳ ᠪᠣᠯᠣᠨ᠎ᠠ᠃  ᠴᠢᠭᠤᠯᠣᠯᠳᠣ ᠬᠠᠭᠠᠯᠭ᠎ᠠ ᠳᠤ ᠵᠠᠰᠠᠭ ᠤᠨ ᠣᠷᠳᠣᠨ ᠠᠴᠠ ᠳᠡᠮᠳᠡᠭ ᠪᠢᠴᠢᠭ ᠲᠠᠢ ᠳᠠᠪᠣᠰᠣ ᠪᠣᠷᠣᠯᠠᠭᠤᠯᠬᠤ ᠬᠤᠳᠠᠯᠳᠣᠭᠠᠴᠢᠨ ᠡᠷᠣᠭᠡ  ᠤᠳ ᠪᠠᠶᠢᠭᠰᠠᠨ ᠶᠣᠮ᠃ ︽᠂᠂᠂  ᠳ᠋ᠧ ᠮᠣ᠋ ᠬᠤᠵᠢᠷ ᠤᠨ ᠫᠦᠰᠡ᠂ ᠳ᠋ᠧ ᠶᠦᠨ ᠬᠤᠵᠢᠷ ᠤᠨ ᠫᠦᠰᠡ᠂  ᠶᠣᠸᠠᠨ ᠯᠦᠩ ᠬᠤᠵᠢᠷ ᠤᠨ ᠫᠦᠰᠡ᠂ ᠴᠢᠣᠸᠠᠨ ᠴᠧᠩ ᠬᠤᠵᠢᠷ ᠤᠨ ᠫᠦᠰᠡ᠂  ᠳ᠋ᠧ ᠶᠠᠨ ᠬᠤᠵᠢᠷ ᠤᠨ ᠫᠦᠰᠡ᠂ ᠲᠢᠶᠡᠨ ᠳ᠋ᠧ ᠬᠤᠵᠢᠷ ᠤᠨ ᠫᠦᠰᠡ᠂ ᠶᠤᠸᠡᠨ ᠰᠧᠩ ᠬᠤᠵᠢᠷ ᠤᠨ ᠫᠦᠰᠡ᠂ ᠲᠠᠢ ᠴᠧᠩ ᠬᠤᠵᠢᠷ ᠤᠨ ᠫᠦᠰᠡ᠂ ᠢᠣᠢ ᠶᠣᠸᠠᠨ ᠬᠤᠵᠢᠷ ᠤᠨ ᠫᠦᠰᠡ ᠵᠡᠷᠭᠡ   ᠤᠳ ᠢ ᠨᠡᠷ᠎ᠡ ᠲᠣᠷᠠᠳᠴᠣ ᠪᠣᠯᠣᠨ᠎ᠠ᠃ ᠡᠳᠡᠭᠡᠷ ᠫᠦᠰᠡ ᠤᠳ ᠪᠠᠰᠠ ᠴᠠᠬᠠᠷ ᠤᠨ ᠰᠢᠯᠣᠭᠤᠨ ᠭᠦᠬᠡ᠂ ᠰᠢᠯᠣᠭᠤᠨ  ᠭᠦᠪᠡᠭᠡᠳᠣ ᠴᠠᠭᠠᠨ ᠬᠤᠰᠢᠭᠤᠨ ᠤ ᠮᠠᠯᠵᠢᠯ ᠤᠨ ᠭᠠᠵᠠᠷ ᠨᠣᠳᠤᠭ ᠤᠨ ᠬᠤᠵᠢᠷ᠂ ᠲᠠᠷᠣᠢ ᠬᠤᠯᠢᠮᠠᠭ  ᠡᠳ᠋ ᠢ ᠨᠢ ᠠᠷᠢᠯᠭᠠᠭᠰᠠᠨ ᠦᠭᠡᠢ ᠨᠡᠭᠦᠷᠡᠰᠣᠳᠦᠷᠦᠭᠴᠢ ᠭᠦᠴᠢᠯ ᠤᠨ  ᠨᠡᠲ᠋ᠡᠷᠢ ᠶᠢ ᠬᠤᠳᠠᠯᠳᠣᠨ ᠠᠪᠴᠣ ᠪᠣᠯᠪᠠᠰᠣᠷᠠᠭᠤᠯᠬᠤ ᠪᠦᠭᠡᠳ ᠣᠶᠢᠯᠡᠳᠪᠣᠷᠢᠯᠡᠵᠣ ᠪᠣᠢ᠃ ᠮᠥᠨ ᠬᠦ ᠲᠡᠭᠦᠨ ᠤ ᠳᠤᠭ᠎ᠠ ᠬᠡᠮᠵᠢᠶ᠎ᠡ ᠨᠢ ᠨᠡᠯᠢᠶᠡᠳ ᠶᠡᠭᠡ ᠪᠠᠶᠢᠳᠠᠭ᠂ ᠪᠣᠳᠠᠳᠡᠢ ᠢᠶᠠᠷ ᠬᠡᠯᠡᠪᠡᠯ᠂ 1892  ᠣᠨ ᠳᠤ ᠡᠨᠡ ᠠᠷᠪᠠᠨ ᠳᠠᠪᠣᠰᠣᠨ ᠫᠦᠰᠡ ᠶᠢᠨ ᠬᠤᠳᠠᠯᠳᠣᠨ ᠠᠪᠴᠣ ᠭᠦᠮᠣᠷᠭᠡ ᠳᠤ ᠣᠷᠣᠭᠤᠯᠣᠭᠰᠠᠨ ᠳᠠᠪᠣᠰᠣ ᠬᠤᠵᠢᠷ ᠭᠤᠷᠪᠠᠨ ᠳᠦᠮᠡ ᠨᠶᠢᠮᠠᠨ ᠮᠢᠩᠭᠠᠨ ᠳᠡᠷᠭᠡ  ᠠᠴᠠ ᠭᠤᠷᠪᠡᠨ ᠲᠦᠮᠡ ᠶᠢᠰᠣᠨ ᠮᠢᠩᠭᠠᠨ ᠳᠡᠷᠭᠡ ᠭᠦᠷᠣᠭ᠍ᠰᠡᠨ ᠪᠠᠶᠢᠨ᠎ᠠ  ᠂᠂᠂᠂ ᠦᠭᠡᠷ᠎ᠡ ᠪᠠᠰᠠ ᠵᠠᠷᠢᠮ ᠳᠠᠪᠣᠰᠣ  ᠶᠢᠨ ᠬᠤᠳᠣᠯᠳᠣᠭᠠᠴᠢᠨ ᠴᠣᠯᠣ ᠬᠤᠵᠢᠷ ᠪᠠ ᠭᠦᠬᠡ ᠳᠠᠪᠣᠰᠣ ᠬᠤᠳᠠᠯᠳᠣᠨ ᠠᠪᠴᠣ ᠳᠣᠳᠣᠷ᠎ᠠ ᠭᠠᠵᠠᠷ ᠵᠦᠭᠡᠭᠡᠪᠣᠷᠢᠯᠡᠨ ᠪᠣᠷᠣᠯᠠᠭᠤᠯᠵᠣ ᠪᠠᠶᠢᠬᠤ ᠳᠤᠭ᠎ᠠ ᠨᠢ ᠪᠠᠭ᠎ᠠ ᠪᠣᠯᠪᠠᠴᠣ ᠠᠰᠢᠭ ᠬᠤᠨᠵᠢᠪᠣᠷᠢ ᠰᠠᠶᠢᠨ ᠪᠠᠶᠢᠳᠠᠭ᠂᠂᠂᠂ ﹀﹀ ᠬᠡᠵᠤ ᠠᠷᠪᠠ ᠶᠢᠰᠣᠳᠦᠭᠡᠷ ᠵᠠᠭᠤᠨ ᠤ ᠦᠶ᠎ᠡ ᠶᠢᠨ ᠴᠢᠩ ᠣᠯᠣᠰ ᠠᠴᠠ ᠴᠢᠭᠤᠯᠣᠯᠳᠣ ᠬᠠᠭᠠᠯᠭ᠎ᠠ ᠳᠤ ᠬᠢᠷᠢ ᠵᠡᠷᠭᠡ ᠶᠢᠨ ᠳᠠᠪᠣᠰᠣᠨ ᠬᠤᠳᠣᠯᠳᠤᠭ᠎ᠠ ᠡᠷᠬᠢᠯᠡᠵᠣ ᠪᠠᠶᠢᠭᠰᠠᠨ ᠢ ᠳᠣᠳᠣᠷᠬᠠᠢ ᠨᠠᠷᠢᠨ ᠳᠠᠮᠳᠡᠭᠯᠡᠵᠣ  ᠦᠯᠡᠳᠡᠭᠡᠭᠰᠡᠨ ᠪᠠᠶᠢᠨ᠎ᠠ᠃      ︿︿ᠮᠣᠩᠭᠤᠯ ᠪᠠ ᠮᠣᠩᠭᠤᠯᠴᠣᠳ﹀﹀ ᠭᠡᠭᠦ ᠨᠣᠮ ᠳᠤ ︿︿᠂᠂᠂ ᠮᠢᠨᠣ ᠦᠵᠡᠭᠦ ᠪᠠᠷ ᠳᠣᠭᠤᠷᠢᠭᠠᠳ 5  ᠸᠧᠷᠰᠲ᠋ᠠ ᠭᠠᠵᠠᠷ ᠠᠴᠠ ᠳᠠᠪᠠᠭ᠋ᠣ ᠦᠭᠡᠢ᠂ ᠰᠣᠨᠣᠰᠣᠯᠳᠠ ᠪᠠᠷ ᠡᠵᠢ ᠨᠠᠭᠤᠷ ᠤᠨ ᠳᠠᠪᠣᠰᠣ ᠨᠢ ᠪᠦᠭᠦ ᠦᠪᠣᠷ ᠮᠣᠩᠭᠤᠯ   ᠳᠠᠭᠠᠨ ᠬᠠᠮᠤᠭ ᠤᠨ ᠰᠠᠶᠢᠨ᠂ ᠶᠡᠷᠣ ᠶᠢᠨ ᠳᠠᠪᠣᠰᠣᠨ ᠨᠠᠭᠤᠷ ᠤᠨ ᠳᠠᠪᠣᠰᠣ ᠠᠴᠠ ᠬᠤᠯᠠ ᠰᠠᠶᠢᠨ ᠪᠠᠶᠢᠳᠠᠭ ᠭᠡᠨ᠎ᠡ᠃ ᠨᠠᠭᠤᠷ ᠤᠨ ᠪᠠᠶᠢᠷᠢᠰᠢᠯ ᠨᠢ ᠶᠠᠭ ᠰᠠᠶᠢᠬᠠᠨ ᠬᠠᠭᠤᠴᠢᠳ ᠵᠡᠭᠦᠨ ᠭᠠᠷᠣᠨ ᠬᠤᠰᠢᠭᠤ ᠪᠣᠯᠣᠨ ᠦᠵᠣᠮᠣᠴᠢᠨ ᠬᠤᠰᠢᠭᠤᠨ ᠤ ᠠᠭᠤᠯᠵᠠᠷ ᠳᠡᠭᠡᠷ᠎ᠡ ᠪᠠᠶᠢᠬᠤ ᠳᠣᠯᠠ ᠠᠳᠠᠯᠢᠬᠠᠨ ᠬᠠᠭᠤᠴᠢᠳ ᠤᠨ ᠡᠷᠳᠡᠨᠢ ᠸᠠᠩ ᠳᠤ ᠬᠠᠮᠢᠶᠠᠷᠣᠭᠳᠠᠬᠤ ᠮᠦᠷᠳᠡᠭᠡᠨ ᠪᠠᠰᠠ ᠦᠵᠣᠮᠣᠴᠢᠨ ᠸᠠᠩ ᠳᠤ ᠴᠦ ᠬᠠᠮᠢᠶᠠᠷᠣᠭᠳᠠᠨ᠎ᠠ᠂ ᠡᠨᠡ ᠬᠤᠶᠡᠷ ᠬᠤᠰᠢᠭᠤᠨ ᠤ ᠬᠤᠰᠢᠭᠤ ᠶᠠᠮᠣᠨ ᠠᠴᠠ ᠪᠦᠷ ᠦᠪᠡᠷ ᠦᠪᠡᠷᠰᠡᠳ ᠤᠨ ᠳᠡᠭᠠᠭᠠᠮᠠᠯ ᠢᠶᠠᠨ ᠳᠣᠮᠢᠯᠠᠵᠣ ᠳᠠᠪᠣᠰᠣᠨ ᠭᠠᠶᠢᠯᠢ ᠬᠤᠷᠢᠶᠠᠳᠠᠭ᠂ ᠦᠵᠣᠮᠣᠴᠢᠨ ᠸᠠᠩ ᠪᠣᠯᠣᠨ ᠬᠠᠭᠤᠴᠢᠳ ᠸᠠᠩ ᠤᠨ ᠬᠤᠰᠢᠭᠤᠨ ᠤ ᠠᠷᠠᠳ ᠪᠣᠯ ᠨᠠᠭᠤᠷ ᠤᠨ ᠡᠵᠡᠨ  ᠪᠣᠯᠭᠤ ᠳᠣᠯᠠ ᠳᠠᠪᠣᠰᠣ ᠬᠠᠳᠠᠭᠠᠬᠤ ᠪᠣᠶᠣ ᠭᠠᠳᠠᠭᠰᠢ   ᠪᠠᠨ ᠳᠡᠭᠡᠭᠡᠪᠣᠷᠢᠯᠡᠭᠦ ᠳᠤ ᠶᠠᠮᠠᠷ ᠴᠦ ᠭᠠᠶᠢᠯᠠᠢ ᠳᠣᠰᠢᠶᠠᠳᠠᠭ ᠦᠭᠡᠢ᠂ ᠪᠠᠭ᠎ᠠ ᠦᠵᠣᠮᠣᠴᠢᠨ ᠬᠤᠰᠢᠭᠤᠨ ᠤ ᠭᠦᠮᠣᠨ ᠠᠴᠠ ᠴᠦ ᠠᠳᠠᠯᠢᠬᠠᠨ ᠶᠠᠮᠠᠷ ᠴᠦ ᠭᠠᠶᠢᠯᠢ ᠬᠤᠷᠢᠶᠠᠳᠠᠭ ᠦᠭᠡᠢ᠂᠂᠂᠂ ᠪᠠᠭᠴᠠᠯᠠᠭᠠᠳ ᠬᠡᠯᠡᠪᠡᠯ  ᠬᠠᠷᠢ ᠦᠨᠳᠣᠰᠣᠳᠠᠨ ᠪᠣᠯᠣᠨ ᠭᠠᠳᠠᠨ᠎ᠠ ᠬᠤᠰᠢᠭᠤᠨ ᠤ ᠭᠦᠮᠣᠰ ᠠᠴᠠ ᠯᠠ ᠰᠠᠶ᠋ᠢ ᠭᠠᠶᠢᠯᠢ ᠳᠠᠳᠠᠪᠣᠷᠢᠯᠠᠨ᠎ᠠ᠂ ᠭᠠᠶᠢᠯᠢ ᠶᠢᠨ ᠬᠡᠮᠵᠢᠶ᠎ᠡ ᠨᠢ ᠴᠦ ᠠᠳᠠᠯᠢ ᠦᠭᠡᠢ ᠪᠠᠶᠢᠳᠠᠭ᠃ ᠬᠠᠮᠤᠭ ᠤᠨ ᠰᠣᠨᠢᠷᠬᠠᠯᠳᠠᠢ ᠨᠢ ᠭᠡᠪᠡᠯ᠂ ᠭᠠᠶᠢᠯᠢ ᠶᠢᠨ ᠨᠣᠷᠮ᠎ᠠ ᠶᠢ ᠬᠤᠳᠠᠯᠳᠣᠨ ᠠᠪᠣᠭᠰᠠᠨ ᠳᠠᠪᠣᠰᠣᠨ ᠤ ᠬᠡᠮᠵᠢᠶ᠎ᠡ ᠪᠠᠷ ᠳᠣᠭᠳᠠᠭᠠᠬᠤ ᠪᠢᠰᠢ ᠬᠠᠷᠢᠨ ᠬᠤᠳᠠᠯᠳᠣᠨ ᠠᠪᠣᠭᠴᠢ ᠨᠢ ᠠᠯᠢ ᠬᠤᠰᠢᠭᠤᠨ ᠤ ᠭᠦᠮᠣᠨ ᠪᠣᠯᠬᠤ ᠶᠢ ᠦᠵᠡᠵᠣ ᠳᠣᠭᠳᠠᠭᠠᠨ᠎ᠠ᠂ ᠨᠢᠭᠡ ᠳᠡᠷᠭᠡ ᠳᠠᠪᠣᠰᠣ ᠳᠡᠭᠡᠭᠡᠪᠣᠷᠢᠯᠡᠭᠦ ᠳᠤ ᠪᠠᠭᠠᠷᠢᠨ ᠵᠡᠭᠦᠨ ᠬᠤᠰᠢᠭᠤᠨ ᠤ ᠭᠦᠮᠣᠨ ᠠᠴᠠ ᠳᠦᠷᠪᠡᠨ ᠴᠢᠨ ᠮᠦᠩᠭᠦ ᠬᠤᠷᠢᠶᠡᠵᠣ᠂ ᠬᠡᠰᠢᠭᠲᠡᠨ ᠬᠤᠰᠢᠭᠤᠨ ᠤ ᠭᠦᠮᠣᠨ ᠠᠴᠠ ᠭᠤᠷᠪᠠᠨ ᠴᠢᠨ ᠮᠦᠩᠭᠦ ᠬᠤᠷᠢᠶᠡᠨ᠎ᠠ᠂ ᠳᠦᠷᠪᠡᠨ ᠠᠪᠠᠭ᠎ᠠ ᠬᠤᠰᠢᠭᠤᠨ ᠤ ᠬᠦᠮᠣᠨ ᠠᠴᠠ ᠬᠤᠶᠡᠷ ᠴᠢᠨ ᠮᠦᠩᠭᠦ ᠬᠤᠷᠢᠶᠠᠨ᠎ᠠ᠂᠂᠂᠂ ᠬᠠᠯᠬ᠎ᠠ  ᠶᠢᠨ ᠵᠠᠰᠠᠭᠳᠣ ᠬᠤᠰᠢᠭᠤᠨ ᠤ ᠬᠦᠮᠣᠰ ᠤᠨ ᠨᠣᠳᠤᠭ ᠨᠢ ᠬᠡᠳᠣᠶᠢᠪᠡᠷ ᠨᠠᠭᠤᠷ ᠠᠴᠠ ᠳᠣᠩ ᠣᠶᠢᠷᠠᠬᠠᠨ ᠪᠠᠶᠢᠳᠠᠭ ᠪᠣᠯᠪᠠᠴᠣ ᠨᠠᠭᠤᠷ ᠤᠨ ᠳᠠᠪᠣᠰᠣ ᠶᠢ ᠶᠠᠷᠣ ᠠᠴᠠ ᠳᠡᠭᠡᠭᠡᠪᠣᠷᠢᠯᠡᠵᠣ ᠪᠣᠯᠳᠠᠭ ᠦᠭᠡᠢ ᠶᠤᠮ᠂ ᠳᠣᠰ ᠨᠠᠭᠤᠷ ᠠᠴᠠ ᠭᠠᠳᠠᠭᠰᠢ ᠳᠡᠭᠡᠭᠡᠪᠣᠷᠢᠯᠠᠵᠣ ᠭᠠᠷᠭᠠᠬᠤ ᠳᠠᠪᠣᠰᠣᠨ ᠤ  ᠬᠡᠮᠵᠢᠶ᠎ᠠ ᠶᠢᠨ ᠳᠣᠬᠠᠢ ᠠᠳᠡᠭᠢ ᠳᠠᠭᠠᠭᠠᠮᠠᠯ ᠤᠨ ᠬᠡᠯᠡᠭᠦ ᠪᠠᠷ ︿︿ᠵᠦᠪᠬᠡᠨ ᠭᠠᠶᠢᠯᠢ ᠳᠣᠰᠢᠶᠠᠭᠰᠠᠨ ᠳᠠᠪᠣᠰᠣᠨ ᠳᠡᠷᠭᠡ ᠨᠢ ᠨᠠᠶᠢᠳᠡ ᠬᠤᠷᠢᠨ ᠬᠤᠶᠡᠷ ᠳᠦᠮᠡ   ᠳᠤ ᠭᠦᠷᠴᠣ ᠭᠠᠶᠢᠯᠢ ᠬᠡᠯᠳᠣᠷᠢᠭᠦᠯᠣᠭ᠍ᠰᠡᠨ ᠳᠠᠪᠣᠰᠣᠨ ᠳᠡᠷᠭᠡ ᠶᠢᠨ ᠳᠤᠭ᠎ᠠ ᠶᠢ ᠠᠪᠣᠭᠰᠠᠨ ᠭᠦᠮᠣᠨ ᠦᠭᠡᠢ ᠳᠣᠯᠠ ᠭᠡᠳᠣᠢ ᠪᠠᠶᠢᠬᠤ  ᠶᠢ ᠮᠡᠳᠡᠭᠦ ᠠᠷᠭ᠎ᠠ ᠦᠭᠡᠢ ᠭᠡᠨ᠎ᠠ﹀﹀ ᠭᠡᠵᠡᠢ᠃      ᠳᠣᠮᠳᠠᠳᠣ ᠢᠷᠭᠡᠨ ᠣᠯᠣᠰ ᠤᠨ ᠦᠶ᠎ᠡ 1913  ᠣᠨ ᠳᠤ ᠳᠠᠪᠣᠰᠣᠨ ᠶᠠᠪᠣᠳᠠᠯ ᠤᠨ ᠳᠣᠪᠴᠢᠶ᠎ᠠ ᠠᠴᠠ ᠳᠣᠯᠣᠨ ᠨᠠᠭᠤᠷ ᠲᠤ ᠪᠣᠭᠤᠮᠳᠠ ᠶᠢᠨ ᠣᠮᠠᠷᠠᠰᠢ ᠳᠠᠪᠣᠰᠣ ᠵᠦᠭᠡᠭᠡᠪᠣᠷᠢᠯᠡᠭᠦ ᠳᠣᠪᠴᠢᠶ᠎ᠠ ᠪᠠᠶᠢᠭᠤᠯᠣᠨ ᠮᠣᠩᠭᠤᠯ ᠣᠷᠣᠨ ᠤ ᠳᠠᠪᠣᠰᠣ ᠬᠤᠳᠠᠯᠳᠣᠨ ᠠᠪᠬᠤ ᠠᠵᠢᠯ ᠢ ᠭᠠᠭᠴᠠᠭᠠᠷ ᠡᠵᠡᠮᠰᠢᠵᠣ ᠪᠠᠶᠢᠵᠠᠢ᠃ ᠳᠣᠮᠳᠠᠳᠣ ᠢᠷᠭᠡᠨ ᠣᠯᠣᠰ  ᠤᠨ ᠭᠤᠷᠪᠠᠳᠣᠭᠠᠷ ᠣᠨ ︿1914  ﹀ ᠳᠤ ᠳᠡᠭᠡᠷᠡᠭᠢ ᠪᠠᠶᠢᠭᠤᠯᠭ᠎ᠠ ᠪᠠᠨ ᠬᠠᠰᠣᠵᠣ ᠳᠣᠯᠣᠨ ᠨᠠᠭᠤᠷ ᠲᠤ ᠪᠣᠭᠤᠮᠳᠠ ᠶᠢᠨ ᠣᠮᠠᠷᠠᠳᠣ ᠶᠢᠨ ᠮᠣᠩᠭᠤᠯ ᠳᠠᠪᠣᠰᠣ ᠶᠢᠨ ᠳᠣᠪᠴᠢᠶ᠎ᠠ ᠭᠡᠵᠣ ᠪᠠᠶᠢᠭᠤᠯᠣᠭᠠᠳ ᠭᠠᠶᠢᠯᠢ ᠳᠡᠳᠠᠪᠣᠷᠢ ᠬᠤᠷᠢᠶᠠᠵᠣ ᠪᠠᠶᠢᠵᠠᠢ᠃ ᠳᠣᠮᠳᠠᠳᠣ ᠢᠷᠭᠡᠨ ᠣᠯᠣᠰ ᠤᠨ ᠳᠠᠪᠣᠳᠣᠭᠠᠷ ᠣᠨ  ︿1916  ﹀ ᠳᠤ ᠪᠠᠷᠠᠭᠤᠨ ᠦᠵᠣᠮᠣᠴᠢᠨ ᠬᠤᠰᠢᠭᠤ᠂ ᠵᠡᠭᠦᠨ ᠬᠠᠭᠤᠴᠢᠳ ᠬᠤᠰᠢᠭᠤ ᠲᠠᠢ ᠳᠠᠪᠣᠰᠣ ᠠᠪᠬᠤ ᠭᠡᠷ᠎ᠡ ᠳᠣᠭᠳᠠᠭᠠᠵᠣ ᠡᠵᠢ ᠨᠠᠭᠤᠷ  ᠤᠨ ᠳᠠᠪᠣᠰᠣ ᠶᠢ ᠵᠡᠭᠦᠨ ᠭᠤᠷᠪᠠᠨ ᠮᠣᠵᠢ ᠪᠠ ᠮᠣᠩᠭᠤᠯ ᠣᠯᠣᠰ ᠤᠨ ᠭᠡᠰᠡᠭ ᠭᠠᠵᠠᠷ ᠲᠤ ᠬᠤᠳᠠᠯᠳᠣᠬᠤ ᠶᠢ ᠵᠦᠪᠰᠢᠶᠠᠷᠡᠭᠰᠡᠨ ᠪᠠᠶᠢᠳᠠᠭ᠃  ᠮᠥᠨ ᠬᠦ 1932  ᠣᠨ ᠳᠤ ᠶᠠᠫᠣᠨ ᠤ ᠮᠦᠺᠡᠰᠣ ᠭᠡᠳᠡᠭ ᠭᠦᠮᠣᠨ ᠡᠵᠢ ᠨᠠᠭᠤᠷ  ᠤᠨ ᠳᠠᠪᠣᠰᠣ ᠶᠢ ᠪᠠᠶᠢᠴᠠᠭᠠᠵᠣ ᠦᠵᠡᠭᠡᠳ ︿︿ᠡᠵᠢ ᠨᠠᠭᠤᠷ ᠤᠨ ᠳᠠᠪᠣᠰᠣ ᠪᠣᠯ ᠬᠠᠳᠠ ᠳᠠᠪᠣᠰᠣ ᠮᠦᠨ᠂ ᠬᠤᠵᠢᠮ  ᠳᠠᠭᠠᠨ ᠣᠯᠠᠨ ᠭᠠᠵᠠᠷ ᠵᠦᠭᠡᠭᠡᠪᠣᠷᠢᠯᠡᠭᠦ ᠪᠣᠯᠣᠨ᠎ᠠ﹀﹀ ᠭᠡᠵᠣ ᠬᠡᠯᠡᠭᠰᠡᠨ ᠪᠠᠶᠢᠳᠠᠭ᠃      ᠡᠵᠢ ᠨᠠᠭᠤᠷ ᠢ ᠣᠣᠯ ᠤᠨ ᠦᠵᠣᠮᠣᠴᠢᠨ ᠪᠠᠷᠠᠭᠤᠨ ᠭᠠᠷᠣᠨ ᠬᠤᠰᠢᠭᠤᠨ ᠤ ᠪᠠᠷᠠᠭᠤᠨ ᠬᠤᠶᠢᠳᠣ ᠵᠠᠬ᠎ᠠ᠂  ᠵᠡᠬᠦᠨ ᠬᠠᠭᠤᠴᠢᠳ ᠬᠤᠰᠢᠭᠤᠨ ᠤ ᠵᠡᠭᠦᠨ ᠳᠠᠯ᠎ᠠ ᠳᠤ ᠪᠠᠶᠢᠷᠢᠰᠢᠵᠣ ᠳᠣᠰ ᠬᠤᠶᠡᠷ ᠬᠤᠰᠢᠭᠤᠨ ᠠᠴᠠ ᠨᠢᠭᠡᠳᠣᠯᠳᠠᠢ ᠬᠠᠮᠢᠶᠠᠷᠴᠣ ᠪᠠᠶᠢᠵᠠᠢ᠃ ᠣᠳᠣ  ᠶᠢᠨ ᠰᠢᠯᠢ  ᠶᠢᠨ ᠭᠤᠣᠯ ᠠᠶᠢᠮᠠᠭ  ᠤᠨ ᠵᠡᠭᠦᠨ ᠥᠵᠥᠮᠥᠴᠢᠨ ᠬᠤᠰᠢᠭᠤᠨ  ᠤ ᠡᠵᠢᠨᠠᠭᠤᠷ ᠪᠠᠯᠭᠠᠰᠣᠨ ᠲᠥᠪ  ᠶᠢᠨ ᠪᠠᠷᠠᠭᠤᠨ ᠲᠠᠯ᠎ᠠ  ᠳᠤ ᠣᠷᠣᠰᠢᠨ᠎ᠠ᠃ ᠡᠵᠢ ᠨᠠᠭᠤᠷ ᠨᠢ ᠰᠣᠩᠭᠢᠨ᠎ᠠ ᠠᠭᠤᠯᠠ᠂ ᠨᠣᠭᠤᠭᠠᠨ ᠣᠳᠠᠢ᠂ ᠳᠦᠰᠢ ᠶᠢᠨ ᠠᠭᠤᠯᠠ   ᠪᠠᠷ ᠭᠦᠷᠢᠶᠡᠯᠡᠭᠦᠯᠵᠣ᠂ ᠡᠳᠡᠭᠡᠷ ᠠᠭᠤᠯᠠᠨ ᠳᠤ ᠪᠣᠯᠣᠷ ᠴᠢᠯᠠᠭᠤ᠂ ᠡᠷᠭᠦᠯ ᠮᠥᠷᠭᠦᠯ  ᠤᠨ ᠰᠢᠷᠭᠤᠭᠤᠯ ᠬᠠᠳᠠ᠂ ᠣᠭ᠍ᠶᠣ ᠬᠠᠳᠠ᠂ ᠡᠨᠡᠷᠢᠯ ᠠᠪᠣᠷᠠᠯ  ᠤᠨ ᠰᠡᠨᠵᠢ ᠬᠠᠳᠠ᠂ ᠡᠷᠯᠢᠭ ᠲᠠᠮᠣ  ᠶᠢᠨ ᠵᠠᠮ ᠬᠠᠳᠠ᠂ ᠡᠭᠡ ᠥᠷ᠎ᠡ  ᠶᠢᠨ ᠦᠯᠣᠭᠡᠢ ᠬᠠᠳᠠ᠂᠂᠂ ᠭᠡᠭᠦᠴᠢᠯᠠᠨ ᠣᠯᠠᠨ ᠲᠥᠷᠥᠯ  ᠤᠨ ᠰᠣᠨᠢᠨ ᠵᠢᠭᠳᠡᠢ ᠬᠠᠳᠠ ᠪᠠᠶᠢᠳᠠᠭ  ᠃ ᠡᠷᠬᠢᠨ ᠳᠣᠭᠤᠷᠢᠨ ᠳᠤᠨᠢ ᠪᠠᠶᠠᠨ ᠪᠣᠣ ᠰᠢᠪᠠᠷ ᠤᠨ ᠦᠵᠤᠭᠦᠷ ᠰᠠᠭᠤᠷᠢ ᠶᠢᠨ ᠨᠠᠭᠤᠷ᠂ ᠬᠤᠵᠢᠷ ᠤᠨ ᠭᠤᠷᠪᠠᠨ ᠨᠠᠭᠤᠷ᠂ ᠪᠦᠷᠭᠦᠭᠡᠰᠣᠳᠡᠢ ᠨᠠᠭᠤᠷ᠂ ᠣᠯᠠᠭᠠᠨ  ᠨᠠᠭᠤᠷ᠂ ᠴᠠᠭᠠᠨ ᠨᠠᠭᠤᠷ᠂ ᠭᠦᠭᠡᠷᠭᠡ ᠶᠢᠨ ᠨᠠᠭᠤᠷ᠂ ᠮᠣᠷᠣᠢ ᠨᠠᠭᠤᠷ᠂ ᠳᠣᠪᠣᠭᠳᠣ ᠨᠠᠭᠤᠷ᠂ ᠵᠡᠭᠦᠨ ᠣᠯᠠᠭᠠᠨ ᠨᠠᠭᠤᠷ᠂ ᠡᠩᠭᠡᠷ ᠤᠨ ᠨᠠᠭᠤᠷ᠂ ᠳᠣᠰᠦ᠋ᠩ ᠤᠨ ᠨᠠᠭᠤᠷ᠂ ᠪᠠᠭ᠎ᠠ ᠡᠵᠢ᠂ ᠪᠠᠶᠢᠰᠢᠭ᠍ᠳᠦ ᠶᠢᠨ ᠨᠠᠭᠤᠷ᠂ ᠠᠷᠣ  ᠶᠢᠨ ᠨᠠᠭᠤᠷ᠂ ᠵᠢᠭᠠᠬᠠᠨ ᠭᠤᠪᠢ ᠶᠢᠨ ᠱᠦᠭᠦᠷᠳᠣ ᠨᠠᠭᠤᠷ᠂ ᠬᠤᠯᠣᠰᠣᠳᠣ ᠨᠠᠭᠤᠷ᠂ ᠨᠠᠯᠢᠩᠭᠢ ᠨᠠᠭᠤᠷ᠂ ᠵᠡᠭᠦᠨ ᠣᠯᠠᠭᠠᠨ ᠨᠠᠭᠤᠷ᠂ ᠭᠦᠳᠡᠭᠡ ᠨᠠᠭᠤᠷ᠂ ᠣᠯᠠᠨ ᠨᠠᠭᠤᠷ᠂ ᠬᠤᠭᠤᠷᠣᠨᠳᠣ ᠶᠢᠨ ᠨᠠᠭᠤᠷ᠂ ᠰᠢᠪᠠᠷ ᠤᠨ ᠦᠵᠣᠭᠦᠷ ᠤᠨ ᠨᠠᠭᠤᠷ ᠵᠡᠷᠭᠡ  ᠣᠯᠠᠨ ᠨᠠᠭᠤᠷ ᠢᠶᠠᠷ ᠭᠦᠷᠢᠶᠡᠯᠡᠭᠦᠯᠣᠭ᠍ᠰᠡᠨ ᠪᠠᠶᠢᠳᠠᠭ᠃      ᠶᠡᠭᠡ ᠡᠵᠢ ᠪᠣᠯ  ︵ᠨᠠᠭᠤᠷ  ︶ ᠨᠢ ᠬᠤᠶᠢᠰᠢ ᠣᠷᠣᠭᠰᠢ ᠪᠠᠨ ᠭᠤᠴᠢ ᠭᠠᠷᠣᠢ ᠭᠠᠵᠠᠷ ᠣᠷᠳᠣ᠂ ᠵᠡᠭᠦᠨᠰᠢ ᠪᠠᠷᠠᠭᠤᠨᠰᠢ ᠠᠷᠪᠠ ᠭᠠᠷᠣᠢ ᠭᠠᠵᠠᠷ ᠦᠷᠭᠡᠨ ᠪᠠᠶᠢᠭᠰᠠᠨ ᠶᠣᠮ᠃ ᠪᠢ ᠪᠠᠭ᠎ᠠ ᠳᠠᠭᠠᠨ ᠮᠣᠷᠢ ᠣᠨᠣᠨ ᠡᠵᠢ ᠨᠠᠭᠤᠷ  ᠢᠶᠠᠨ ᠨᠢᠭᠡ ᠳᠣᠭᠤᠷᠢᠵᠣ ᠢᠷᠡᠭᠦ ᠳᠤ ᠶᠠᠭ ᠪᠦᠭᠦᠯᠢ ᠡᠳᠣᠷ ᠶᠠᠪᠣᠳᠠᠭ ᠪᠠᠶᠢᠵᠣ ᠪᠢᠯᠡ᠂ ᠡᠵᠢ ᠨᠠᠭᠤᠷ ᠢ ᠳᠣᠭᠤᠷᠢᠭᠠᠳ ᠬᠢᠯᠢᠵᠢᠷ ᠤᠨ ᠳᠣᠪᠣᠭ᠂ ᠪᠣᠷᠣ ᠳᠣᠪᠣᠭ᠂ ᠪᠠᠶᠢᠰᠢᠩᠳᠣ ᠶᠢᠨ ᠳᠣᠪᠣᠭ᠂ ᠮᠣᠩᠭᠤᠯ ᠳᠣᠪᠣᠭ ᠬᠡᠵᠣ ᠳᠦᠷᠪᠡᠨ ᠳᠣᠪᠣᠭ ᠪᠠᠶᠢᠳᠠᠭ ᠪᠦᠭᠡᠳ ᠡᠵᠢ ᠨᠠᠭᠤᠷ   ᠤᠨ ᠵᠦᠭ ᠪᠦᠭᠦᠨ ᠠᠴᠠ ᠳᠣᠳᠣᠭᠰᠢ ᠣᠷᠣᠰᠣᠭᠰᠠᠨ ᠵᠠᠭᠤ ᠨᠠᠶᠢᠮᠠᠨ ᠪᠣᠯᠠᠭ ᠪᠠᠶᠢᠳᠠᠭ ᠶᠤᠮ᠃ ᠪᠣᠮᠪᠣᠨ ᠪᠣᠯᠠᠭ᠂ ᠰᠦᠮ᠎ᠠ ᠶᠢᠨ ᠭᠤᠣ ᠶᠢᠨ ᠪᠣᠯᠠᠭ᠂ ᠰᠣᠪᠠᠭ ᠤᠨ ᠪᠣᠯᠠᠭ᠂ ᠪᠠᠶᠠᠨ ᠬᠤᠰᠢᠭᠤᠨ ᠪᠣᠯᠠᠭ᠂ ᠭᠦᠨ ᠭᠤᠣ ᠶᠢᠨ ᠪᠣᠯᠠᠭ᠂ ᠮᠣᠷᠣᠢ ᠡᠷᠭᠢ ᠶᠢᠨ ᠪᠣᠯᠠᠭ᠂ ᠠᠷᠠᠯ ᠤᠨ ᠪᠣᠯᠠᠭ᠂ ᠪᠣᠭᠤᠨᠢ ᠡᠷᠭᠢ ᠶᠢᠨ ᠪᠣᠯᠠᠭ᠂ ᠳᠠᠰᠣᠷᠬᠠᠢ ᠪᠣᠯᠠᠭ᠂ ᠰᠢᠷᠭᠢ ᠶᠢᠨ ᠪᠣᠯᠠᠭ᠂ ᠵᠠᠩᠴᠢ ᠣᠪᠣᠭᠠᠨ ᠪᠣᠯᠠᠭ᠂  ᠣᠯᠣᠮ ᠤᠨ  ᠪᠣᠯᠠᠭ ᠂ ᠣᠪᠣᠭᠠᠨ ᠪᠣᠯᠠᠭ᠂ ᠵᠠᠮ ᠤᠨ ᠪᠣᠯᠠᠭ᠂ ᠦᠷᠭᠡᠨ ᠤ ᠪᠣᠯᠠᠭ᠂ ᠶᠡᠭᠡ ᠪᠣᠯᠠᠭ᠂ ᠳᠡᠭᠢᠳᠠᠭ ᠪᠣᠯᠠᠭ᠂ ᠦᠨᠳᠣᠷ ᠤᠨ ᠪᠣᠯᠠᠭ᠂ ᠪᠣᠷᠬᠠᠨ ᠭᠦᠷᠢ ᠶᠢᠨ ᠪᠣᠯᠠᠭ᠂ ᠷᠠᠰᠢᠶᠠᠨ ᠪᠣᠯᠠᠭ᠂ ᠬᠥᠨᠳᠡᠯᠡᠨ ᠤ ᠪᠣᠯᠠᠭ᠂ ᠭᠠᠳᠣᠯᠳᠠᠭ ᠪᠣᠯᠠᠭ᠂ ᠣᠪᠣᠭᠠᠳᠣ ᠪᠣᠯᠠᠭ᠂ ᠭᠦᠬᠡᠷᠡᠩ ᠤᠨ ᠪᠣᠯᠠᠭ᠂ ᠴᠢᠪ ᠤᠨ ᠪᠣᠯᠠᠭ᠂ ᠭᠦᠯᠳᠡᠭᠦᠣ ᠶᠢᠨ ᠪᠣᠯᠠᠭ᠂ ᠪᠣᠯᠣᠩ ᠤᠨ ᠪᠣᠯᠠᠭ᠂ ᠵᠠᠮᠳᠣ ᠪᠣᠯᠠᠭ᠂ ᠰᠡᠷᠢᠭᠦᠨ ᠪᠣᠯᠠᠭ᠂ ᠬᠡᠩᠰᠢᠭᠦᠯ  ᠤᠨ ᠪᠣᠯᠠᠭ᠂ ᠪᠣᠭᠤᠨᠢ ᠭᠤᠣ ᠶᠢᠨ ᠪᠣᠯᠠᠭ᠂ ᠵᠠᠯᠠᠮᠳᠣ ᠶᠢᠨ ᠪᠣᠯᠠᠭ᠂᠂᠂᠂᠂ ᠵᠡᠷᠭᠡ ᠣᠯᠠᠨ ᠪᠣᠯᠠᠭ ᠡᠪᠣᠯ ᠵᠣᠨ ᠦᠭᠡᠢ ᠣᠷᠬᠢᠯᠵᠣ ᠬᠠᠷᠠᠵᠠᠯᠠᠭᠠᠳ ᠡᠵᠢ ᠨᠠᠭᠤᠷ ᠲᠤ ᠴᠢᠳᠬᠤᠵᠣ ᠪᠠᠶᠢᠳᠠᠭ᠃      ᠪᠠᠰᠠ ᠡᠵᠢ ᠨᠠᠭᠤᠷ ᠲᠤ ᠣᠷᠣᠵᠣ ᠭᠡᠰᠢᠭ ᠵᠠᠯᠠᠳᠠᠭ ᠪᠠᠶᠠᠨ ᠬᠤᠰᠢᠭᠤ ᠣᠯᠣᠮ᠂ ᠠᠷᠠᠯ ᠤᠨ ᠣᠯᠣᠮ᠂ ᠦᠷᠭᠡᠨ ᠤ ᠣᠯᠣᠮ᠂ ᠦᠨᠳᠣᠷ ᠤᠨ ᠣᠯᠣᠮ᠂ ᠳᠡᠣᠯᠡᠢ ᠣᠯᠣᠮ᠂ ᠭᠦᠯᠳᠡᠭᠦᠣ ᠶᠢᠨ ᠣᠯᠣᠮ᠂ ᠵᠢᠷᠣᠭᠡ ᠶᠢᠨ ᠣᠯᠣᠮ ᠂ ᠵᠠᠮᠬᠠᠳᠣ   ᠶᠢᠨ ᠣᠯᠣᠮ᠂  ᠪᠠᠶᠠᠨᠪᠣᠣ ᠶᠢᠨ ᠣᠯᠣᠮ᠂᠂᠂᠂᠂ ᠵᠡᠷᠭᠡ ᠠᠷᠠᠪ ᠰᠢᠬᠠᠮ ᠣᠯᠣᠮ ᠤᠳ ᠪᠠᠶᠢᠳᠠᠭ ᠰᠠᠨ᠃      ᠡᠵᠢ ᠨᠠᠭᠤᠷ ᠲᠤ ᠭᠦᠬᠡ ᠲᠠᠪᠤᠰᠤ᠂ ᠴᠠᠭᠠᠨ ᠲᠨᠪᠤᠰᠤ᠂ ᠭᠥᠷᠵᠡᠩ ᠲᠠᠪᠤᠰᠤ᠂ ᠰᠢᠲᠤ ᠲᠠᠪᠤᠰᠤ ᠴᠦᠮ ᠪᠠᠶᠢᠲᠠᠭ ᠪᠦᠭᠡᠳ ᠡᠷᠦᠭᠡ ᠤᠳ ᠲᠤ ᠬᠤᠸᠠᠷ ᠲᠠᠪᠤᠰᠤ᠂ ᠱᠤᠭᠤᠮ ᠲᠠᠪᠤᠰᠤ ᠮᠡᠲᠦ  ᠶᠢᠨ ᠰᠤᠯᠤᠩᠭᠠᠨ ᠦᠩᠭᠡ ᠲᠠᠢ ᠭᠡᠷᠡᠯᠲᠦ ᠲᠠᠪᠤᠰᠤ ᠤᠳ ᠲᠦᠬᠦᠷᠡᠩ ᠪᠠᠶᠢᠵᠤ ᠲᠡᠷᠡ ᠨᠢ ᠡᠮ ᠳᠤ ᠤᠷᠤᠲᠠᠭ ᠲᠤᠯᠠ 8 ᠰᠠᠷ᠎ᠠ ᠶᠢᠨ 15 ᠤ ᠦᠷᠯᠦᠭᠡ ᠨᠠᠷᠠᠨ ᠠᠴᠠ ᠡᠮᠦᠨ᠎ᠡ ᠭᠦᠷᠴᠦ ᠠᠪᠤᠭᠠᠳ ᠡᠮ ᠨᠠᠶᠢᠷᠠᠲᠠᠭ  ᠤᠯᠠᠮᠵᠢᠯᠠᠯᠳᠣ ᠵᠣᠷ ᠲᠠᠢ ᠪᠠᠶᠢᠭᠰᠠᠨ ᠶᠤᠮ᠃      ᠡᠵᠢ ᠨᠠᠭᠤᠷ ᠤᠨ ᠡᠷᠦᠭᠡ ᠨᠦᠭᠡ ᠤᠳ ᠶᠡᠭᠡ ᠤᠯᠠᠨ ᠪᠠᠶᠢᠲᠠᠭ᠃ ᠡᠵᠢ ᠨᠠᠭᠤᠷ ᠤᠨ ᠬᠤᠶᠢᠲᠤ ᠭᠡᠰᠡᠭ ᠲᠤ ᠴᠢᠨᠲᠠᠮᠤᠨᠢ ᠭᠤᠷᠪᠠᠨ ᠡᠷᠦᠭᠡ ᠭᠡᠵᠦ ᠪᠠᠶᠢᠲᠠᠭ ᠶᠣᠮ᠃ ᠲᠡᠷᠡ ᠨᠢ ᠮᠢᠩᠭᠠᠨ ᠬᠤᠨᠢᠨ ᠤ ᠬᠤᠲᠠ ᠶᠢᠨ ᠴᠢᠨᠡᠭᠡᠨ ᠶᠡᠭᠡ ᠬᠦᠯ ᠦᠭᠡᠢ ᠬᠦᠨ ᠤᠰᠤ ᠨᠤᠭᠤᠳ ᠪᠠᠶᠢᠵᠤ᠂ ᠲᠡᠤᠭᠡᠨ ᠠᠴᠠ ᠠᠪᠤᠭᠠᠳ ᠡᠲᠦᠭᠡ ᠳᠤ ᠬᠦᠷᠲᠡᠯ᠎ᠠ ᠬᠦᠮᠦᠨ ᠠᠮᠢᠲᠠᠠ ᠤᠶᠢᠷᠠᠲᠤᠲᠠᠭ ᠦᠭᠡᠢ ᠪᠢᠯᠠ᠃ ︵ᠤᠶᠢᠷᠠᠲᠤᠨ ᠤᠴᠢᠪᠠᠯ ᠲᠠᠲᠠᠨ᠎ᠠ ᠭᠡᠲᠡᠭ᠃︶ ᠤᠶᠢᠷᠠᠳᠬᠤ ᠲᠤᠲᠤᠮ ᠦᠮᠦᠲᠡᠵᠦ ᠴᠦᠮᠦᠷᠢᠨ ᠪᠠᠶᠢᠲᠠᠭ ᠪᠦᠭᠡᠳ ᠲᠠᠭᠦᠨ ᠢᠶᠠᠷ ᠤᠷᠤᠪᠠᠯ ᠬᠡᠲᠦᠨ ᠵᠠᠭᠤᠨ ᠭᠠᠵᠠᠷ ᠤᠨ ᠲᠡᠷᠭᠡᠲᠡᠭᠢ ᠲᠦᠩᠬᠢᠨᠡᠬᠦ ︵ᠣᠳᠣ ᠶᠢᠨ ᠣᠯᠢᠶᠠᠰᠣᠳᠠᠢ ᠠᠭᠤᠯᠠ ᠶᠢᠨ ᠵᠡᠭᠦᠨ ᠬᠤᠶᠢᠨ᠎ᠠ ᠬᠤᠷᠢᠨ ᠺᠢᠯᠣᠮᠧᠲᠷ ᠵᠠᠶᠢᠳᠠᠢ ᠪᠠᠶᠢᠳᠠᠭ ᠠᠭᠤᠯᠠ ᠳᠠᠬᠢ ᠣᠨᠳᠣᠷᠣᠮᠠᠯ ᠪᠣᠯᠠᠭ ᠤᠨ ᠨᠠᠷ᠎ᠠ︶   ᠪᠠᠷ ᠭᠠᠷᠳᠠᠭ ᠬᠡᠳᠡᠭ  ᠲᠣᠮᠤᠭ ᠶᠡᠷᠢᠶ᠎ᠠ ᠪᠠᠶᠢᠳᠠᠭ᠃ ᠡᠵᠢ ᠶᠢᠨ ᠡᠷᠣᠭᠡ ᠶᠢᠨ ᠲᠡᠷᠡ ᠣᠰᠣ   ᠨᠢ ᠨᠠᠷᠠ ᠰᠠᠯᠬᠢᠨ  ᠦᠵᠡᠪᠡᠯ ᠴᠢᠯᠭᠤᠵᠢᠭᠠᠳ ᠳᠠᠪᠣᠰᠣ ᠪᠣᠯᠣᠨ  ᠬᠤᠪᠢᠷᠡᠳᠠᠭ ᠪᠢᠯᠡ᠃ ᠶᠡᠭᠡ ᠡᠷᠣᠭᠡ ᠨᠢ ᠡᠶᠢᠮᠣ ᠭᠤᠷᠪᠠᠭ᠋ᠠᠨ ᠪᠠᠶᠢᠳᠠᠭ ᠪᠣᠯᠪᠠᠴᠣ ᠭᠡᠷ ᠤᠨ ᠪᠠᠭᠤᠴᠠ ᠶᠢᠨ ᠬᠢᠷᠢ᠂ ᠳᠣᠭᠤᠭᠠᠨ ᠠᠮᠠᠰᠠᠷ  ᠤᠨ ᠬᠢᠷᠢ ᠪᠠᠭ᠎ᠠ ᠡᠷᠣᠭᠡ ᠤᠳ ᠳᠤᠭ᠎ᠠ ᠳᠣᠮᠰᠢ ᠦᠭᠡᠢ ᠣᠯᠠᠨ ᠪᠣᠢ᠃ ᠭᠡᠳᠣᠢ ᠪᠠᠭ᠎ᠠ ᠡᠷᠣᠭᠡ ᠨᠢ ᠭᠡᠳ ᠪᠦᠷ ᠭᠦᠯ ᠦᠭᠡᠢ ᠭᠦᠨ ᠪᠠᠶᠢᠵᠣ ᠳᠡᠷᠭᠡ ᠣᠨᠤᠭ᠎ᠠ ᠣᠷᠣᠪᠠᠯ ᠦᠮᠣᠷᠠᠵᠣ ᠴᠦᠮᠣᠷᠠᠨ ᠭᠦᠮᠣᠨ ᠢ ᠠᠶᠣᠯᠭᠠᠳᠠᠭ᠃ ᠳᠡᠷᠭᠡ  ᠣᠨᠤᠭ᠎ᠠ ᠢᠶᠠᠨ ᠠᠯᠳᠠᠵᠣ ᠣᠷᠣᠭᠤᠯᠣᠭᠰᠠᠨ ᠲᠡᠣᠭᠡ ᠳᠣᠮᠤᠭ ᠴᠦ ᠣᠯᠠᠨ ᠪᠠᠶᠢᠳᠠᠭ᠃ ᠳᠠᠪᠣᠰᠣ ᠳᠡᠭᠡᠭᠡᠵᠣ ᠦᠵᠡᠭᠡ ᠦᠭᠡᠢ  ᠪᠣᠶᠣ ᠡᠵᠢ ᠨᠠᠭᠤᠷ ᠤᠨ ᠳᠣᠬᠠᠢ ᠮᠡᠳᠡᠯᠭᠡ ᠮᠡᠳᠡᠴᠡ ᠦᠭᠡᠢ ᠭᠦᠮᠣᠨ ᠪᠣᠯ ᠦᠭᠦᠵᠣ ᠦᠷᠡᠭᠳᠡᠭᠦ ᠠᠶᠣᠯᠳᠠᠢ ᠶᠤᠮ᠂᠂ ᠡᠨᠡᠭᠦ ᠪᠠᠶᠢᠭᠠᠯᠢ ᠶᠢᠨ ᠳᠠᠯᠳᠠ ᠨᠢᠭᠤᠴᠠ ᠶᠢ ᠰᠣᠬᠤᠷ ᠪᠠᠯᠠᠢ ᠪᠠᠷ ᠵᠠᠰᠠᠵᠣ ᠰᠠᠶᠢᠵᠢᠷᠠᠭᠤᠯᠬᠤ ᠭᠡᠵᠣ ᠣᠷᠣᠯᠳᠣᠭᠰᠠᠨ ᠠᠴᠠ ᠣᠳᠣ ᠳᠠᠪᠣᠰᠣᠨ ᠳᠠᠯᠠᠪᠠᠢ ᠪᠠᠭᠠᠰᠴᠣ ᠪᠠᠶᠢᠭ᠎ᠠ ᠶᠢᠨ ᠣᠴᠢᠷ ᠡᠨᠡ ᠪᠢᠯᠡ᠃
 
ᠢᠷᠡᠯᠲᠡ᠄ ᡀ᠊ ᠵᠠᠳᠠᠮᠪᠠ ᠶᠢᠨ ︿ᠡᠵᠢ ᠨᠠᠭᠤᠷ ᠤᠨ ᠳᠤᠷᠠᠰᠤᠮᠵᠢ﹀ ᠬᠡᠮᠡᠬᠦ ᠳᠤᠳᠤᠭᠠᠳᠤ ᠬᠡᠪᠯᠡᠯ ᠠᠴᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号