ᠡᠵᠢ ᠨᠠᠭᠤᠷ ᠤᠨ ᠲᠣᠬᠠᠢ ᠰᠣᠷᠪᠣᠯᠵᠢ ᠪᠢᠴᠢᠭ᠂ ᠲᠡᠣᠭᠡ ᠲᠡᠮᠲᠡᠭᠯᠡᠯ᠂ ᠥᠭᠦᠯᠡᠯ ᠵᠣᠬᠢᠶᠠᠯ ᠤᠳ ᠲᠤ ︽ | ᠴᠣᠩᠬᠤᠷ ᠡᠵᠢ᠂ ᠶᠡᠭᠡ ᠳᠠᠪᠣᠰᠣᠨ ᠭᠤᠣᠯ᠂ ᠦᠯᠡᠮᠵᠢ ᠶᠢᠨ ᠲᠡᠵᠢᠭᠡᠯᠳᠣ ᠨᠠᠭᠤᠷ᠂ ᠳᠠᠪᠣᠰᠣᠨ ᠨᠠᠭᠤᠷ᠂ ᠡᠵᠢ | ᠨᠠᠭᠤᠷ︾ ᠭᠡᠭᠦ ᠮᠡᠳᠣ ᠪᠠᠷ ᠲᠡᠮᠳᠡᠭᠯᠡᠵᠣ ᠪᠠᠶᠢᠳᠠᠭ ᠃ ᠡᠨᠡ ᠲᠣᠬᠠᠢ ᠰᠣᠷᠪᠣᠯᠵᠢ ᠪᠢᠴᠢᠭ ᠢ ᠰᠢᠭᠦᠵᠣ | ᠰᠡᠶᠢᠷᠡᠭᠦᠯᠪᠡᠯ᠄ ︿︿ᠬᠠᠨ ᠣᠯᠣᠰ ᠤᠨ ᠲᠡᠣᠭᠡ᠂ ᠭᠠᠵᠠᠷ ᠵᠦᠢ ᠶᠢᠨ ᠲᠡᠮᠲᠡᠭᠯᠡᠯ ﹀﹀ ᠳᠤ ᠡᠵᠢ ᠨᠠᠭᠤᠷ ᠢ ︿ᠭᠦᠬᠡ | ᠳᠠᠪᠣᠰᠣᠨ ᠨᠠᠭᠤᠷ﹀ ᠭᠡᠵᠣ ᠳᠣᠳᠣᠷᠬᠠᠢ ᠲᠡᠮᠳᠡᠭᠯᠡᠵᠣ ᠪᠠᠶᠢᠳᠠᠭ ᠪᠦᠭᠡᠳ ᠯᠢᠶᠣᠣ ᠣᠯᠣᠰ ᠤᠨ ᠦᠶ᠎ᠡ ᠳᠤ ᠡᠨᠡ | ᠬᠠᠪᠢ ᠶᠢᠨ ᠭᠠᠵᠠᠷ ᠣᠷᠣᠨ ᠢ ᠳᠡᠭᠡᠳᠣ ᠨᠡᠶᠢᠰᠯᠡᠯ ᠤᠨ ᠥᠭᠡᠯᠡᠳ ᠵᠠᠮ ᠤᠨ ᠴᠡᠷᠢᠭ ᠤᠨ ᠵᠣᠷᠭᠠᠨ ᠳᠤ | ᠬᠠᠮᠢᠶᠠᠷᠣᠭᠤᠯᠵᠣ ᠪᠠᠶᠢᠭᠰᠠᠨ ᠪᠦᠭᠡᠳ ᠲᠡᠷᠡ ᠦᠶ᠎ᠡ ᠠᠴᠠ ᠡᠬᠢᠯᠡᠨ ᠭᠦᠬᠡ ᠳᠠᠪᠣᠰᠣ ᠶᠢ ᠶᠡᠭᠡ ᠬᠡᠮᠵᠢᠶ᠎ᠡ ᠪᠠᠷ | ᠭᠠᠳᠠᠭᠰᠢ ᠵᠦᠭᠡᠭᠡᠪᠣᠷᠢᠯᠡᠨ ᠡᠬᠢᠯᠡᠪᠡ ᠭᠡᠵᠣ ᠲᠡᠮᠲᠡᠭᠯᠡᠵᠣ ᠪᠣᠢ᠃ ︿︿ ᠠᠯᠲᠠᠨ ᠣᠯᠣᠰ ᠤᠨ ᠲᠡᠣᠭᠡ﹀﹀ ᠳᠤ ᠄ ︿︿ | ᠂᠂᠂ ᠠᠯᠳᠠᠨ ᠤᠯᠤᠰ ᠤᠨ ᠳ᠋ᠠ ᠲᠠᠩ ᠤᠨ ᠠᠷᠪᠠᠨ ᠬᠤᠶᠠᠳᠣᠭᠠᠷ ᠣᠨ ︿ᠣᠨ ᠳᠣᠭᠠᠯᠠᠯ ᠤᠨ1172 ᠣᠨ﹀ ᠳᠤ | ᠳᠠᠪᠣᠰᠣᠨ ᠶᠠᠪᠣᠳᠠᠯ ᠤᠨ ᠰᠠᠶᠢᠳ ᠳᠣᠮᠢᠯᠠᠨ ᠭᠦᠬᠡ ᠳᠠᠪᠣᠰᠣ ᠶᠢ ᠬᠠᠮᠢᠶᠠᠷᠪᠠ᠂᠂᠂ ﹀﹀ ᠭᠡᠵᠣ ᠳᠡᠮᠲᠡᠭᠯᠡᠭᠰᠡᠨ | ᠪᠠᠶᠢᠨ᠎ᠠ᠃ ᠠᠯᠳᠠᠨ ᠣᠯᠣᠰ ᠤᠨ ᠡᠬᠢᠨ ᠤ ᠦᠶ᠎ᠡ ᠳᠤ ᠳ᠋ᠠᠲ᠋ᠦ᠋ᠩ ᠳᠤ ︿ᠳᠠᠪᠣᠰᠣᠨ ᠶᠠᠪᠣᠳᠠᠯ ᠤᠨ ᠬᠡᠯᠳᠡᠰ﹀ ᠭᠡᠵᠣ | ᠪᠠᠶᠢᠭᠤᠯᠵᠣ᠂ ᠰᠡᠭᠦᠯᠡᠷ ᠨᠢ ᠳᠠᠪᠣᠰᠣ ᠵᠦᠭᠡᠭᠡᠪᠣᠷᠢᠯᠡᠭᠦ ᠶᠡᠭᠡᠳᠭᠦ ᠶᠢ ᠳᠠᠭᠠᠯᠳᠣᠨ ᠣᠳᠣᠬᠢ ᠳᠠᠶᠢᠹᠣᠰᠧ ᠬᠤᠰᠢᠭᠤ | ᠪᠣᠯᠣᠨ ᠡᠾᠧᠪᠸᠢ ᠮᠣᠵᠢ ᠶᠢᠨ ᠭᠦ᠋ ᠶᠣᠸᠠᠨ ᠰᠢᠶᠠᠨ ᠤ ᠬᠢᠵᠠᠭᠠᠷ ᠲᠤ ᠪᠠᠶᠢᠬᠤ ᠯᠢᠶᠠᠨ ᠴᠢᠩ ᠭᠡᠮᠡᠭᠦ ᠭᠠᠵᠠᠷ | ᠰᠢᠯᠵᠢᠭᠦᠯᠵᠠᠢ ᠭᠡᠵᠣ ᠳᠡᠮᠳᠡᠭᠯᠡᠵᠣ ᠪᠣᠢ ᠃ ︿︿ᠠᠯᠳᠠᠨ ᠣᠯᠣᠰ ᠤᠨ ᠳᠡᠣᠭᠡ﹀﹀ ᠶᠢᠨ ︿ᠭᠠᠵᠠᠷ ᠵᠦᠢ ᠶᠢᠨ | ᠳᠡᠮᠳᠡᠭᠯᠡᠯ﹀ ᠳᠤ ︽᠂᠂᠂ ᠠᠯᠳᠠᠨ ᠣᠯᠣᠰ ᠤᠨ ᠵᠠᠩ ᠴᠦᠩ᠂ ᠮᠢᠩ ᠴᠢᠩ ᠤᠨ ᠳᠣᠯᠣᠳᠣᠭᠠᠷ ᠣᠨ ︿ᠣᠨ | ᠳᠣᠭᠠᠯᠠᠯ ᠤᠨ1196 ᠣᠨ ﹀ ᠳᠤ ᠭᠸᠣ ᠹᠦᠸᠧ ᠳᠤ ᠴᠧᠩ ᠵᠸᠣ ᠪᠠᠶᠢᠭᠤᠯᠵᠣ᠂ ᠹᠦ᠋ ᠵᠸᠣ ᠳᠤ ᠬᠠᠷᠢᠶᠠᠯᠠᠭᠤᠯᠵᠠᠢ᠃ | ᠲᠠᠢ ᠳ᠋ᠧ ᠶᠢᠨ ᠭᠤᠷᠪᠠᠳᠣᠭᠠᠷ ᠣᠨ ︿1203﹀ ᠳᠤ ᠯᠢᠩ ᠬᠤᠸᠠᠩ ᠣᠷᠳᠣᠨ ᠤ ᠵᠠᠮ ᠤᠨ ᠴᠢᠩ ᠵᠸᠣ ᠶᠢᠨ | ᠶᠡᠭᠡ ᠳᠠᠪᠣᠰᠣᠨ ᠭᠤᠣᠯ ᠤᠨ ᠮᠠᠯᠵᠢᠯ ᠤᠨ ᠵᠣᠷᠭᠠᠨ ᠢ ᠪᠠᠶᠢᠭᠤᠯᠪᠠ ᠂᠂᠂︾ ᠭᠡᠵᠣ ᠳᠡᠮᠳᠡᠭᠯᠡᠵᠠᠢ ᠃ ᠶᠣᠸᠠᠨ | ᠣᠯᠣᠰ ᠤᠨ ᠡᠬᠢᠨ ᠤ ᠦᠶ᠎ᠡ ᠳᠤ ᠮᠦᠨ ᠠᠳᠡ ᠴᠢᠩ ᠵᠸᠣ ᠶᠢ ᠪᠠᠶᠢᠭᠤᠯᠣᠨ ᠳᠠᠪᠣᠰᠣᠨ ᠶᠠᠪᠣᠳᠠᠯ ᠤᠨ ᠶᠠᠮᠣᠨ ᠭᠡᠵᠣ | ᠭᠠᠷᠭᠠᠵᠠᠢ ᠃ | ᠮᠢᠩ ᠣᠯᠣᠰ ᠤᠨ ᠦᠶ᠎ᠠ ᠳᠤ ︽᠂᠂᠂ ᠴᠢᠩ ᠵᠸᠣ ᠶᠢᠨ ᠳᠠᠪᠣᠰᠣᠨ ᠶᠠᠪᠣᠳᠠᠯ ᠤᠨ ᠪᠠᠶᠢᠭᠤᠯᠣᠮᠵᠢ ᠶᠢ | ᠺᠠᠶᠢᠹᠧᠩ ᠸᠧᠢ ᠳᠤ ᠬᠠᠷᠢᠶᠠᠯᠠᠭᠤᠯᠵᠣ᠂ ᠰᠢᠣᠸᠠᠨ ᠳ᠋ᠧ ᠶᠢᠨ ᠭᠤᠷᠪᠠᠳᠣᠭᠠᠷ ᠣᠨ ︵1428 ᠣᠨ︶ ᠳᠤ | ᠰᠢᠯᠵᠢᠭᠦᠯᠣᠨ ᠦᠷᠣᠭᠡᠰᠣᠨ ᠴᠢᠯᠠᠭᠤᠨ ᠬᠠᠭᠠᠯᠭ᠎ᠠ ᠳᠤ ᠪᠠᠶᠢᠭᠤᠯᠣᠭᠠᠳ ᠬᠦᠢ ᠰᠦᠢ᠂ ᠶᠢᠨ ᠪᠸᠢ ᠵᠡᠷᠭᠡ ᠭᠠᠵᠠᠷ ᠲᠤ | ᠳᠠᠪᠣᠰᠣ ᠪᠣᠷᠣᠯᠠᠭᠤᠯᠬᠤ ᠠᠵᠢᠯ ᠢ ᠬᠢᠵᠣ ᠪᠠᠶᠢᠯ᠎ᠠ᠂᠂᠂︾ ᠭᠡᠵᠣ ᠳᠡᠮᠳᠡᠭᠯᠡᠵᠣ ᠪᠣᠢ᠃ ᠮᠥᠨ ᠬᠦ ᠮᠢᠩ ᠣᠯᠣᠰ | ᠤᠨ ᠦᠶ᠎ᠡ ᠶᠢᠨ ᠠᠯᠳᠠᠷᠳᠣ ᠡᠮᠴᠢ ᠯᠢ ᠱᠢ ᠵᠧᠨ ︿︿ᠡᠪᠡᠰᠣᠨ ᠡᠮ ᠤᠨ ᠳᠣᠪᠴᠢ﹀﹀ ᠳᠤ ᠪᠠᠨ ︿︿᠂᠂᠂ ᠠᠷᠣ | ᠭᠠᠵᠠᠷ ᠤᠨ ᠳᠠᠪᠣᠰᠣ ᠨᠢ ᠡᠮᠣᠨ᠎ᠡ ᠭᠠᠵᠠᠷ ᠤᠨ ᠳᠠᠪᠣᠰᠣ ᠯᠤᠭ᠎ᠠ ᠬᠡᠷᠡᠭᠴᠡᠭᠡ ᠠᠳᠠᠯᠢ ᠪᠣᠯᠪᠠᠴᠣ ᠰᠢᠷᠭᠠᠭᠠᠵᠣ | ᠳᠣᠩᠭᠠᠭᠠᠬᠤ ᠭᠡᠷᠡᠭ ᠦᠭᠡᠢ᠂ ᠠᠮᠳᠠᠳᠠᠢ ᠱᠣᠷᠪᠠᠭ ᠣᠴᠢᠷ ᠡᠮ ᠳᠤ ᠣᠷᠣᠬᠤᠢ ᠳᠤᠷ ᠣᠭᠢ ᠰᠠᠶᠢᠨ᠂᠂᠂﹀﹀ ᠭᠡᠵᠣ | ᠳᠡᠮᠳᠡᠭᠯᠡᠵᠣ ᠪᠠᠶᠢᠨ᠎ᠠ᠃ ᠴᠢᠩ ᠣᠯᠣᠰ ᠤᠨ ᠥᠶ᠎ᠡ ᠶᠢᠨ ᠵᠣᠬᠢᠶᠠᠯᠴᠢ ᠵᠢᠶᠠᠩ ᠯᠢᠶᠠᠩ ᠴᠢ ᠶᠢᠨ ᠨᠠᠶᠢᠷᠠᠭᠤᠯᠣᠭᠰᠠᠨ | ︿︿ᠳ᠋ᠦᠩ ᠬᠤᠸᠠ ᠯᠤ᠋﹀﹀ ᠭᠡᠮᠡᠭᠦ ᠳᠡᠮᠳᠡᠭᠯᠡᠯ ᠳᠤ ︿︿᠂᠂᠂ ᠭᠦᠬᠡ ᠳᠠᠪᠣᠰᠣ ᠪᠣᠯᠪᠠᠰᠣ ᠪᠠᠷᠠᠭᠤᠨ ᠦᠵᠣᠮᠣᠴᠢᠨ | ᠬᠤᠰᠢᠭᠤᠨ ᠤ ᠨᠣᠳᠤᠭ ᠠᠴᠠ ᠭᠠᠷᠣᠮᠣᠢ᠂ ᠨᠠᠭᠤᠷ ᠠᠨᠣ ᠵᠡᠭᠦᠨᠰᠢ ᠪᠠᠷᠠᠭᠤᠨᠰᠢ ᠵᠢᠷᠠᠨ ᠭᠠᠵᠠᠷ ᠰᠢᠬᠠᠮ᠂ ᠡᠮᠤᠨᠡᠰᠢ | ᠣᠮᠠᠷᠠᠰᠢ ᠠᠷᠪᠠᠨ ᠭᠠᠵᠠᠷ ᠰᠢᠬᠠᠮ᠂᠂᠂﹀﹀ ᠭᠡᠵᠣ ᠪᠢᠴᠢᠭᠰᠡᠨ ᠪᠠᠶᠢᠳᠠᠭ᠃ | ᠴᠢᠩ ᠣᠯᠣᠰ ᠤᠨ ᠳᠡᠣᠬᠡ ᠶᠢᠨ ᠨᠣᠣᠷᠠᠭ ᠲᠤ ᠳᠡᠮᠳᠡᠭᠯᠡᠭᠰᠡᠨ ᠢᠶᠠᠷ᠄ ᠲᠦᠭᠡᠮᠡᠯ ᠡᠯᠪᠡᠭᠳᠣ ᠶᠢᠨ ᠠᠷᠪᠠᠳᠣᠭᠠᠷ | ᠣᠨ ︵1862ᠣᠨ︶ ᠳᠤ ᠡᠵᠢ ᠶᠢᠨ ᠳᠡᠪᠣᠰᠣ ᠶᠢ ᠶᠡᠭᠡ ᠬᠡᠮᠵᠢᠶ᠎ᠡ ᠪᠠᠷ ᠱᠠᠨᠰᠢ ᠮᠣᠵᠢ ᠶᠢᠨ ᠬᠤᠶᠢᠳᠣ ᠬᠡᠰᠡᠭ ᠲᠤ | ᠵᠦᠭᠡᠭᠡᠪᠣᠷᠢᠯᠡᠨ ᠣᠷᠣᠭᠤᠯᠵᠣ ᠪᠠᠶᠢᠯ᠎ᠠ ᠭᠡᠵᠣ ᠳᠡᠮᠳᠡᠭᠯᠡᠵᠡᠢ᠃ | ︿︿ᠦᠪᠣᠷ ᠮᠣᠩᠭᠤᠯ ᠤᠨ ᠳᠠᠪᠣᠰᠣᠨ ᠣᠶᠢᠯᠡᠰ ᠤᠨ ᠳᠡᠣᠭᠡ﹀﹀ ᠳᠤ ︽᠂᠂᠂ ᠴᠢᠩ ᠣᠯᠣᠰ ᠤᠨ ᠦᠶ᠎ᠡ | ᠳᠤ ᠭᠦᠭᠡ ᠳᠠᠪᠣᠰᠣ ᠶᠢ ᠴᠠᠬᠠᠷ ᠮᠣᠵᠢ ᠿᠧ ᠾᠧ ᠮᠣᠵᠢ ᠳᠤ ᠬᠤᠳᠠᠯᠳᠣᠨ ᠪᠣᠷᠣᠯᠠᠭᠤᠯᠵᠣ ᠪᠠᠶᠢᠬᠤ ᠠᠴᠠ | ᠭᠠᠳᠠᠨ᠎ᠠ ᠱᠠᠨᠰᠢ ᠮᠣᠵᠢ ᠶᠢᠨ ᠶᠢᠨ ᠪᠸᠢ ᠣᠷᠴᠢᠮ ᠢᠶᠠᠷ ᠬᠤᠳᠠᠯᠳᠣᠨ ᠪᠣᠷᠣᠯᠠᠭᠤᠯᠵᠣ ᠪᠠᠶᠢᠪᠠ᠂᠂᠂︾ ᠭᠡᠵᠣ | ᠳᠡᠮᠳᠡᠭᠯᠡᠵᠣ ᠪᠣᠢ᠃ ︿︿ᠴᠠᠬᠠᠷ ᠮᠣᠵᠢ ᠶᠢᠨ ᠳᠡᠮᠳᠡᠭᠯᠡᠯ﹀﹀ ᠳᠤ ︿︿᠂᠂᠂ ᠮᠣᠩᠭᠤᠯ ᠳᠠᠪᠣᠰᠣ ᠪᠣᠯ ᠰᠢᠯᠢ ᠶᠢᠨ ᠭᠤᠣᠯ | ᠤᠨ ᠮᠠᠰᠢ ᠶᠡᠭᠡ ᠡᠬᠢ ᠪᠠᠶᠠᠯᠢᠭ ᠪᠦᠭᠡᠳ ᠪᠠᠶᠢᠭᠠᠯᠢ ᠶᠢᠨ ᠣᠨᠴᠠ ᠭᠠᠷᠤᠯᠳᠠ ᠳᠣᠯᠠ ᠡᠳᠣᠭᠡ ᠳᠡᠮᠳᠡᠭᠯᠡᠵᠤᠭᠦᠢ᠂ ᠡᠨᠡ | ᠭᠠᠵᠠᠷ ᠠᠨᠣ ᠰᠢᠯᠢ ᠶᠢᠨ ᠭᠤᠣᠯ ᠴᠢᠭᠤᠯᠭᠠᠨ ᠤ ᠭᠡᠮᠵᠢᠶ᠎ᠠ ᠳᠤ ᠪᠠᠶᠢᠬᠤ ᠣᠴᠢᠷ ᠠᠴᠠ ᠳᠡᠭᠦᠨ ᠢ ᠡᠵᠡᠮᠰᠢᠭᠦ ᠡᠷᠭᠡ | ᠠᠨᠣ ᠮᠣᠩᠭᠤᠯᠴᠣᠳ ᠤᠨ ᠭᠠᠷ ᠲᠤ ᠪᠣᠢ᠂᠂᠂ ﹀﹀ ᠭᠡᠵᠣ ᠳᠣᠳᠣᠷᠬᠠᠢ ᠪᠢᠴᠢᠭᠰᠡᠨ ᠪᠠᠶᠢᠳᠠᠭ᠃ | ᠠ᠊᠂ ᠮᠣ᠂ ᠫᠣᠽᠲᠨᠢᠶᠡᠫ ᠶᠢᠨ ︿︿ᠮᠣᠩᠭᠤᠯ ᠪᠠ ᠮᠣᠩᠭᠤᠯᠴᠣᠳ﹀﹀ ᠬᠡᠮᠡᠭᠦ ᠵᠢᠭᠤᠯᠴᠢᠯᠡᠯ ᠤᠨ ᠳᠡᠮᠳᠡᠭᠯᠡᠯ ᠤᠨ | ︿ᠴᠢᠭᠤᠯᠣᠯᠳᠣ ᠬᠠᠭᠠᠯᠭ᠎ᠠ﹀ ᠭᠡᠭᠦ ᠪᠦᠯᠦᠭ ᠳᠤ᠄ ︿︿ᠴᠢᠭᠤᠯᠣᠯᠳᠣ ᠬᠠᠭᠠᠯᠭ᠎ᠠ ᠳᠤ ᠭᠡᠳᠣᠨ ᠶᠡᠭᠡ ᠳᠠᠪᠣᠰᠣᠨ | ᠬᠤᠳᠣᠯᠳᠣᠭᠠᠨ ᠤ ᠪᠠᠭᠤᠳᠠᠯ ᠪᠠ ᠫᠦᠰᠡ ᠪᠠᠶᠢᠨ᠎ᠠ᠃ ᠴᠢᠭᠤᠯᠣᠯᠳᠣ ᠬᠠᠭᠠᠯᠭ᠎ᠠ ᠳᠤ ᠳᠠᠪᠣᠰᠣ ᠵᠦᠭᠡᠭᠡᠪᠣᠷᠢᠯᠡᠨ | ᠣᠷᠣᠭᠤᠯᠵᠣ ᠪᠠᠶᠢᠭ᠎ᠠ ᠨᠢ ᠮᠠᠯᠵᠢᠬᠤ ᠣᠷᠣᠨ ᠤ ᠠᠪᠠᠭ᠎ᠠ᠂ ᠠᠪᠠᠭ᠋ᠠᠨᠠᠷ᠂ ᠬᠤᠶᠡᠷ ᠬᠠᠭᠤᠴᠢᠳ᠂ ᠬᠤᠶᠡᠷ ᠬᠠᠭᠤᠴᠢᠳ | ᠂ ᠬᠤᠶᠡᠷ ᠰᠦᠨᠢᠳ᠂ ᠬᠤᠶᠡᠷ ᠦᠵᠣᠮᠣᠴᠢᠨ ᠬᠤᠰᠢᠭᠤ ᠨᠤᠭᠤᠳ ᠪᠣᠯᠣᠨ᠎ᠠ᠃ ᠴᠢᠭᠤᠯᠣᠯᠳᠣ ᠬᠠᠭᠠᠯᠭ᠎ᠠ ᠳᠤ | ᠵᠠᠰᠠᠭ ᠤᠨ ᠣᠷᠳᠣᠨ ᠠᠴᠠ ᠳᠡᠮᠳᠡᠭ ᠪᠢᠴᠢᠭ ᠲᠠᠢ ᠳᠠᠪᠣᠰᠣ ᠪᠣᠷᠣᠯᠠᠭᠤᠯᠬᠤ ᠬᠤᠳᠠᠯᠳᠣᠭᠠᠴᠢᠨ ᠡᠷᠣᠭᠡ ᠤᠳ | ᠪᠠᠶᠢᠭᠰᠠᠨ ᠶᠣᠮ᠃ ︽᠂᠂᠂ ᠳ᠋ᠧ ᠮᠣ᠋ ᠬᠤᠵᠢᠷ ᠤᠨ ᠫᠦᠰᠡ᠂ ᠳ᠋ᠧ ᠶᠦᠨ ᠬᠤᠵᠢᠷ ᠤᠨ ᠫᠦᠰᠡ᠂ ᠶᠣᠸᠠᠨ ᠯᠦᠩ | ᠬᠤᠵᠢᠷ ᠤᠨ ᠫᠦᠰᠡ᠂ ᠴᠢᠣᠸᠠᠨ ᠴᠧᠩ ᠬᠤᠵᠢᠷ ᠤᠨ ᠫᠦᠰᠡ᠂ ᠳ᠋ᠧ ᠶᠠᠨ ᠬᠤᠵᠢᠷ ᠤᠨ ᠫᠦᠰᠡ᠂ ᠲᠢᠶᠡᠨ ᠳ᠋ᠧ | ᠬᠤᠵᠢᠷ ᠤᠨ ᠫᠦᠰᠡ᠂ ᠶᠤᠸᠡᠨ ᠰᠧᠩ ᠬᠤᠵᠢᠷ ᠤᠨ ᠫᠦᠰᠡ᠂ ᠲᠠᠢ ᠴᠧᠩ ᠬᠤᠵᠢᠷ ᠤᠨ ᠫᠦᠰᠡ᠂ ᠢᠣᠢ ᠶᠣᠸᠠᠨ | ᠬᠤᠵᠢᠷ ᠤᠨ ᠫᠦᠰᠡ ᠵᠡᠷᠭᠡ ᠤᠳ ᠢ ᠨᠡᠷ᠎ᠡ ᠲᠣᠷᠠᠳᠴᠣ ᠪᠣᠯᠣᠨ᠎ᠠ᠃ ᠡᠳᠡᠭᠡᠷ ᠫᠦᠰᠡ ᠤᠳ ᠪᠠᠰᠠ ᠴᠠᠬᠠᠷ ᠤᠨ | ᠰᠢᠯᠣᠭᠤᠨ ᠭᠦᠬᠡ᠂ ᠰᠢᠯᠣᠭᠤᠨ ᠭᠦᠪᠡᠭᠡᠳᠣ ᠴᠠᠭᠠᠨ ᠬᠤᠰᠢᠭᠤᠨ ᠤ ᠮᠠᠯᠵᠢᠯ ᠤᠨ ᠭᠠᠵᠠᠷ ᠨᠣᠳᠤᠭ ᠤᠨ ᠬᠤᠵᠢᠷ᠂ | ᠲᠠᠷᠣᠢ ᠬᠤᠯᠢᠮᠠᠭ ᠡᠳ᠋ ᠢ ᠨᠢ ᠠᠷᠢᠯᠭᠠᠭᠰᠠᠨ ᠦᠭᠡᠢ ᠨᠡᠭᠦᠷᠡᠰᠣᠳᠦᠷᠦᠭᠴᠢ ᠭᠦᠴᠢᠯ ᠤᠨ ᠨᠡᠲ᠋ᠡᠷᠢ ᠶᠢ ᠬᠤᠳᠠᠯᠳᠣᠨ | ᠠᠪᠴᠣ ᠪᠣᠯᠪᠠᠰᠣᠷᠠᠭᠤᠯᠬᠤ ᠪᠦᠭᠡᠳ ᠣᠶᠢᠯᠡᠳᠪᠣᠷᠢᠯᠡᠵᠣ ᠪᠣᠢ᠃ ᠮᠥᠨ ᠬᠦ ᠲᠡᠭᠦᠨ ᠤ ᠳᠤᠭ᠎ᠠ ᠬᠡᠮᠵᠢᠶ᠎ᠡ ᠨᠢ | ᠨᠡᠯᠢᠶᠡᠳ ᠶᠡᠭᠡ ᠪᠠᠶᠢᠳᠠᠭ᠂ ᠪᠣᠳᠠᠳᠡᠢ ᠢᠶᠠᠷ ᠬᠡᠯᠡᠪᠡᠯ᠂ 1892 ᠣᠨ ᠳᠤ ᠡᠨᠡ ᠠᠷᠪᠠᠨ ᠳᠠᠪᠣᠰᠣᠨ ᠫᠦᠰᠡ ᠶᠢᠨ | ᠬᠤᠳᠠᠯᠳᠣᠨ ᠠᠪᠴᠣ ᠭᠦᠮᠣᠷᠭᠡ ᠳᠤ ᠣᠷᠣᠭᠤᠯᠣᠭᠰᠠᠨ ᠳᠠᠪᠣᠰᠣ ᠬᠤᠵᠢᠷ ᠭᠤᠷᠪᠠᠨ ᠳᠦᠮᠡ ᠨᠶᠢᠮᠠᠨ ᠮᠢᠩᠭᠠᠨ ᠳᠡᠷᠭᠡ | ᠠᠴᠠ ᠭᠤᠷᠪᠡᠨ ᠲᠦᠮᠡ ᠶᠢᠰᠣᠨ ᠮᠢᠩᠭᠠᠨ ᠳᠡᠷᠭᠡ ᠭᠦᠷᠣᠭ᠍ᠰᠡᠨ ᠪᠠᠶᠢᠨ᠎ᠠ ᠂᠂᠂᠂ ᠦᠭᠡᠷ᠎ᠡ ᠪᠠᠰᠠ ᠵᠠᠷᠢᠮ ᠳᠠᠪᠣᠰᠣ | ᠶᠢᠨ ᠬᠤᠳᠣᠯᠳᠣᠭᠠᠴᠢᠨ ᠴᠣᠯᠣ ᠬᠤᠵᠢᠷ ᠪᠠ ᠭᠦᠬᠡ ᠳᠠᠪᠣᠰᠣ ᠬᠤᠳᠠᠯᠳᠣᠨ ᠠᠪᠴᠣ ᠳᠣᠳᠣᠷ᠎ᠠ ᠭᠠᠵᠠᠷ | ᠵᠦᠭᠡᠭᠡᠪᠣᠷᠢᠯᠡᠨ ᠪᠣᠷᠣᠯᠠᠭᠤᠯᠵᠣ ᠪᠠᠶᠢᠬᠤ ᠳᠤᠭ᠎ᠠ ᠨᠢ ᠪᠠᠭ᠎ᠠ ᠪᠣᠯᠪᠠᠴᠣ ᠠᠰᠢᠭ ᠬᠤᠨᠵᠢᠪᠣᠷᠢ ᠰᠠᠶᠢᠨ ᠪᠠᠶᠢᠳᠠᠭ᠂᠂᠂᠂ | ﹀﹀ ᠬᠡᠵᠤ ᠠᠷᠪᠠ ᠶᠢᠰᠣᠳᠦᠭᠡᠷ ᠵᠠᠭᠤᠨ ᠤ ᠦᠶ᠎ᠡ ᠶᠢᠨ ᠴᠢᠩ ᠣᠯᠣᠰ ᠠᠴᠠ ᠴᠢᠭᠤᠯᠣᠯᠳᠣ ᠬᠠᠭᠠᠯᠭ᠎ᠠ ᠳᠤ ᠬᠢᠷᠢ | ᠵᠡᠷᠭᠡ ᠶᠢᠨ ᠳᠠᠪᠣᠰᠣᠨ ᠬᠤᠳᠣᠯᠳᠤᠭ᠎ᠠ ᠡᠷᠬᠢᠯᠡᠵᠣ ᠪᠠᠶᠢᠭᠰᠠᠨ ᠢ ᠳᠣᠳᠣᠷᠬᠠᠢ ᠨᠠᠷᠢᠨ ᠳᠠᠮᠳᠡᠭᠯᠡᠵᠣ ᠦᠯᠡᠳᠡᠭᠡᠭᠰᠡᠨ | ᠪᠠᠶᠢᠨ᠎ᠠ᠃ | ︿︿ᠮᠣᠩᠭᠤᠯ ᠪᠠ ᠮᠣᠩᠭᠤᠯᠴᠣᠳ﹀﹀ ᠭᠡᠭᠦ ᠨᠣᠮ ᠳᠤ ︿︿᠂᠂᠂ ᠮᠢᠨᠣ ᠦᠵᠡᠭᠦ ᠪᠠᠷ ᠳᠣᠭᠤᠷᠢᠭᠠᠳ 5 | ᠸᠧᠷᠰᠲ᠋ᠠ ᠭᠠᠵᠠᠷ ᠠᠴᠠ ᠳᠠᠪᠠᠭ᠋ᠣ ᠦᠭᠡᠢ᠂ ᠰᠣᠨᠣᠰᠣᠯᠳᠠ ᠪᠠᠷ ᠡᠵᠢ ᠨᠠᠭᠤᠷ ᠤᠨ ᠳᠠᠪᠣᠰᠣ ᠨᠢ ᠪᠦᠭᠦ ᠦᠪᠣᠷ | ᠮᠣᠩᠭᠤᠯ ᠳᠠᠭᠠᠨ ᠬᠠᠮᠤᠭ ᠤᠨ ᠰᠠᠶᠢᠨ᠂ ᠶᠡᠷᠣ ᠶᠢᠨ ᠳᠠᠪᠣᠰᠣᠨ ᠨᠠᠭᠤᠷ ᠤᠨ ᠳᠠᠪᠣᠰᠣ ᠠᠴᠠ ᠬᠤᠯᠠ ᠰᠠᠶᠢᠨ | ᠪᠠᠶᠢᠳᠠᠭ ᠭᠡᠨ᠎ᠡ᠃ ᠨᠠᠭᠤᠷ ᠤᠨ ᠪᠠᠶᠢᠷᠢᠰᠢᠯ ᠨᠢ ᠶᠠᠭ ᠰᠠᠶᠢᠬᠠᠨ ᠬᠠᠭᠤᠴᠢᠳ ᠵᠡᠭᠦᠨ ᠭᠠᠷᠣᠨ ᠬᠤᠰᠢᠭᠤ ᠪᠣᠯᠣᠨ | ᠦᠵᠣᠮᠣᠴᠢᠨ ᠬᠤᠰᠢᠭᠤᠨ ᠤ ᠠᠭᠤᠯᠵᠠᠷ ᠳᠡᠭᠡᠷ᠎ᠡ ᠪᠠᠶᠢᠬᠤ ᠳᠣᠯᠠ ᠠᠳᠠᠯᠢᠬᠠᠨ ᠬᠠᠭᠤᠴᠢᠳ ᠤᠨ ᠡᠷᠳᠡᠨᠢ ᠸᠠᠩ ᠳᠤ | ᠬᠠᠮᠢᠶᠠᠷᠣᠭᠳᠠᠬᠤ ᠮᠦᠷᠳᠡᠭᠡᠨ ᠪᠠᠰᠠ ᠦᠵᠣᠮᠣᠴᠢᠨ ᠸᠠᠩ ᠳᠤ ᠴᠦ ᠬᠠᠮᠢᠶᠠᠷᠣᠭᠳᠠᠨ᠎ᠠ᠂ ᠡᠨᠡ ᠬᠤᠶᠡᠷ ᠬᠤᠰᠢᠭᠤᠨ ᠤ | ᠬᠤᠰᠢᠭᠤ ᠶᠠᠮᠣᠨ ᠠᠴᠠ ᠪᠦᠷ ᠦᠪᠡᠷ ᠦᠪᠡᠷᠰᠡᠳ ᠤᠨ ᠳᠡᠭᠠᠭᠠᠮᠠᠯ ᠢᠶᠠᠨ ᠳᠣᠮᠢᠯᠠᠵᠣ ᠳᠠᠪᠣᠰᠣᠨ ᠭᠠᠶᠢᠯᠢ | ᠬᠤᠷᠢᠶᠠᠳᠠᠭ᠂ ᠦᠵᠣᠮᠣᠴᠢᠨ ᠸᠠᠩ ᠪᠣᠯᠣᠨ ᠬᠠᠭᠤᠴᠢᠳ ᠸᠠᠩ ᠤᠨ ᠬᠤᠰᠢᠭᠤᠨ ᠤ ᠠᠷᠠᠳ ᠪᠣᠯ ᠨᠠᠭᠤᠷ ᠤᠨ ᠡᠵᠡᠨ | ᠪᠣᠯᠭᠤ ᠳᠣᠯᠠ ᠳᠠᠪᠣᠰᠣ ᠬᠠᠳᠠᠭᠠᠬᠤ ᠪᠣᠶᠣ ᠭᠠᠳᠠᠭᠰᠢ ᠪᠠᠨ ᠳᠡᠭᠡᠭᠡᠪᠣᠷᠢᠯᠡᠭᠦ ᠳᠤ ᠶᠠᠮᠠᠷ ᠴᠦ ᠭᠠᠶᠢᠯᠠᠢ ᠳᠣᠰᠢᠶᠠᠳᠠᠭ | ᠦᠭᠡᠢ᠂ ᠪᠠᠭ᠎ᠠ ᠦᠵᠣᠮᠣᠴᠢᠨ ᠬᠤᠰᠢᠭᠤᠨ ᠤ ᠭᠦᠮᠣᠨ ᠠᠴᠠ ᠴᠦ ᠠᠳᠠᠯᠢᠬᠠᠨ ᠶᠠᠮᠠᠷ ᠴᠦ ᠭᠠᠶᠢᠯᠢ ᠬᠤᠷᠢᠶᠠᠳᠠᠭ | ᠦᠭᠡᠢ᠂᠂᠂᠂ ᠪᠠᠭᠴᠠᠯᠠᠭᠠᠳ ᠬᠡᠯᠡᠪᠡᠯ ᠬᠠᠷᠢ ᠦᠨᠳᠣᠰᠣᠳᠠᠨ ᠪᠣᠯᠣᠨ ᠭᠠᠳᠠᠨ᠎ᠠ ᠬᠤᠰᠢᠭᠤᠨ ᠤ ᠭᠦᠮᠣᠰ ᠠᠴᠠ ᠯᠠ | ᠰᠠᠶ᠋ᠢ ᠭᠠᠶᠢᠯᠢ ᠳᠠᠳᠠᠪᠣᠷᠢᠯᠠᠨᠠ᠂ ᠭᠠᠶᠢᠯᠢ ᠶᠢᠨ ᠬᠡᠮᠵᠢᠶ᠎ᠡ ᠨᠢ ᠴᠦ ᠠᠳᠠᠯᠢ ᠦᠭᠡᠢ ᠪᠠᠶᠢᠳᠠᠭ᠃ ᠬᠠᠮᠤᠭ ᠤᠨ | ᠰᠣᠨᠢᠷᠬᠠᠯᠳᠠᠢ ᠨᠢ ᠭᠡᠪᠡᠯ᠂ ᠭᠠᠶᠢᠯᠢ ᠶᠢᠨ ᠨᠣᠷᠮ᠎ᠠ ᠶᠢ ᠬᠤᠳᠠᠯᠳᠣᠨ ᠠᠪᠣᠭᠰᠠᠨ ᠳᠠᠪᠣᠰᠣᠨ ᠤ ᠬᠡᠮᠵᠢᠶ᠎ᠡ ᠪᠠᠷ | ᠳᠣᠭᠳᠠᠭᠠᠬᠤ ᠪᠢᠰᠢ ᠬᠠᠷᠢᠨ ᠬᠤᠳᠠᠯᠳᠣᠨ ᠠᠪᠣᠭᠴᠢ ᠨᠢ ᠠᠯᠢ ᠬᠤᠰᠢᠭᠤᠨ ᠤ ᠭᠦᠮᠣᠨ ᠪᠣᠯᠬᠤ ᠶᠢ ᠦᠵᠡᠵᠣ | ᠳᠣᠭᠳᠠᠭᠠᠨ᠎ᠠ᠂ ᠨᠢᠭᠡ ᠳᠡᠷᠭᠡ ᠳᠠᠪᠣᠰᠣ ᠳᠡᠭᠡᠭᠡᠪᠣᠷᠢᠯᠡᠭᠦ ᠳᠤ ᠪᠠᠭᠠᠷᠢᠨ ᠵᠡᠭᠦᠨ ᠬᠤᠰᠢᠭᠤᠨ ᠤ ᠭᠦᠮᠣᠨ ᠠᠴᠠ | ᠳᠦᠷᠪᠡᠨ ᠴᠢᠨ ᠮᠦᠩᠭᠦ ᠬᠤᠷᠢᠶᠡᠵᠣ᠂ ᠬᠡᠰᠢᠭᠲᠡᠨ ᠬᠤᠰᠢᠭᠤᠨ ᠤ ᠭᠦᠮᠣᠨ ᠠᠴᠠ ᠭᠤᠷᠪᠠᠨ ᠴᠢᠨ ᠮᠦᠩᠭᠦ | ᠬᠤᠷᠢᠶᠡᠨ᠎ᠠ᠂ ᠳᠦᠷᠪᠡᠨ ᠠᠪᠠᠭ᠎ᠠ ᠬᠤᠰᠢᠭᠤᠨ ᠤ ᠬᠦᠮᠣᠨ ᠠᠴᠠ ᠬᠤᠶᠡᠷ ᠴᠢᠨ ᠮᠦᠩᠭᠦ ᠬᠤᠷᠢᠶᠠᠨ᠎ᠠ᠂᠂᠂᠂ ᠬᠠᠯᠬ᠎ᠠ | ᠶᠢᠨ ᠵᠠᠰᠠᠭᠳᠣ ᠬᠤᠰᠢᠭᠤᠨ ᠤ ᠬᠦᠮᠣᠰ ᠤᠨ ᠨᠣᠳᠤᠭ ᠨᠢ ᠬᠡᠳᠣᠶᠢᠪᠡᠷ ᠨᠠᠭᠤᠷ ᠠᠴᠠ ᠳᠣᠩ ᠣᠶᠢᠷᠠᠬᠠᠨ ᠪᠠᠶᠢᠳᠠᠭ | ᠪᠣᠯᠪᠠᠴᠣ ᠨᠠᠭᠤᠷ ᠤᠨ ᠳᠠᠪᠣᠰᠣ ᠶᠢ ᠶᠠᠷᠣ ᠠᠴᠠ ᠳᠡᠭᠡᠭᠡᠪᠣᠷᠢᠯᠡᠵᠣ ᠪᠣᠯᠳᠠᠭ ᠦᠭᠡᠢ ᠶᠤᠮ᠂ ᠳᠣᠰ ᠨᠠᠭᠤᠷ ᠠᠴᠠ | ᠭᠠᠳᠠᠭᠰᠢ ᠳᠡᠭᠡᠭᠡᠪᠣᠷᠢᠯᠠᠵᠣ ᠭᠠᠷᠭᠠᠬᠤ ᠳᠠᠪᠣᠰᠣᠨ ᠤ ᠬᠡᠮᠵᠢᠶ᠎ᠠ ᠶᠢᠨ ᠳᠣᠬᠠᠢ ᠠᠳᠡᠭᠢ ᠳᠠᠭᠠᠭᠠᠮᠠᠯ ᠤᠨ ᠬᠡᠯᠡᠭᠦ ᠪᠠᠷ | ︿︿ᠵᠦᠪᠬᠡᠨ ᠭᠠᠶᠢᠯᠢ ᠳᠣᠰᠢᠶᠠᠭᠰᠠᠨ ᠳᠠᠪᠣᠰᠣᠨ ᠳᠡᠷᠭᠡ ᠨᠢ ᠨᠠᠶᠢᠳᠡ ᠬᠤᠷᠢᠨ ᠬᠤᠶᠡᠷ ᠳᠦᠮᠡ ᠳᠤ ᠭᠦᠷᠴᠣ | ᠭᠠᠶᠢᠯᠢ ᠬᠡᠯᠳᠣᠷᠢᠭᠦᠯᠣᠭ᠍ᠰᠡᠨ ᠳᠠᠪᠣᠰᠣᠨ ᠳᠡᠷᠭᠡ ᠶᠢᠨ ᠳᠤᠭ᠎ᠠ ᠶᠢ ᠠᠪᠣᠭᠰᠠᠨ ᠭᠦᠮᠣᠨ ᠦᠭᠡᠢ ᠳᠣᠯᠠ ᠭᠡᠳᠣᠢ ᠪᠠᠶᠢᠬᠤ | ᠶᠢ ᠮᠡᠳᠡᠭᠦ ᠠᠷᠭ᠎ᠠ ᠦᠭᠡᠢ ᠭᠡᠨ᠎ᠠ﹀﹀ ᠭᠡᠵᠡᠢ᠃ | ᠳᠣᠮᠳᠠᠳᠣ ᠢᠷᠭᠡᠨ ᠣᠯᠣᠰ ᠤᠨ ᠦᠶ᠎ᠡ 1913 ᠣᠨ ᠳᠤ ᠳᠠᠪᠣᠰᠣᠨ ᠶᠠᠪᠣᠳᠠᠯ ᠤᠨ ᠳᠣᠪᠴᠢᠶ᠎ᠠ ᠠᠴᠠ | ᠳᠣᠯᠣᠨ ᠨᠠᠭᠤᠷ ᠲᠤ ᠪᠣᠭᠤᠮᠳᠠ ᠶᠢᠨ ᠣᠮᠠᠷᠠᠰᠢ ᠳᠠᠪᠣᠰᠣ ᠵᠦᠭᠡᠭᠡᠪᠣᠷᠢᠯᠡᠭᠦ ᠳᠣᠪᠴᠢᠶ᠎ᠠ ᠪᠠᠶᠢᠭᠤᠯᠣᠨ ᠮᠣᠩᠭᠤᠯ | ᠣᠷᠣᠨ ᠤ ᠳᠠᠪᠣᠰᠣ ᠬᠤᠳᠠᠯᠳᠣᠨ ᠠᠪᠬᠤ ᠠᠵᠢᠯ ᠢ ᠭᠠᠭᠴᠠᠭᠠᠷ ᠡᠵᠡᠮᠰᠢᠵᠣ ᠪᠠᠶᠢᠵᠠᠢ᠃ ᠳᠣᠮᠳᠠᠳᠣ ᠢᠷᠭᠡᠨ ᠣᠯᠣᠰ | ᠤᠨ ᠭᠤᠷᠪᠠᠳᠣᠭᠠᠷ ᠣᠨ ︿1914 ﹀ ᠳᠤ ᠳᠡᠭᠡᠷᠡᠭᠢ ᠪᠠᠶᠢᠭᠤᠯᠭ᠎ᠠ ᠪᠠᠨ ᠬᠠᠰᠣᠵᠣ ᠳᠣᠯᠣᠨ ᠨᠠᠭᠤᠷ ᠲᠤ | ᠪᠣᠭᠤᠮᠳᠠ ᠶᠢᠨ ᠣᠮᠠᠷᠠᠳᠣ ᠶᠢᠨ ᠮᠣᠩᠭᠤᠯ ᠳᠠᠪᠣᠰᠣ ᠶᠢᠨ ᠳᠣᠪᠴᠢᠶ᠎ᠠ ᠭᠡᠵᠣ ᠪᠠᠶᠢᠭᠤᠯᠣᠭᠠᠳ ᠭᠠᠶᠢᠯᠢ ᠳᠡᠳᠠᠪᠣᠷᠢ | ᠬᠤᠷᠢᠶᠠᠵᠣ ᠪᠠᠶᠢᠵᠠᠢ᠃ ᠳᠣᠮᠳᠠᠳᠣ ᠢᠷᠭᠡᠨ ᠣᠯᠣᠰ ᠤᠨ ᠳᠠᠪᠣᠳᠣᠭᠠᠷ ᠣᠨ ︿1916 ﹀ ᠳᠤ ᠪᠠᠷᠠᠭᠤᠨ | ᠦᠵᠣᠮᠣᠴᠢᠨ ᠬᠤᠰᠢᠭᠤ᠂ ᠵᠡᠭᠦᠨ ᠬᠠᠭᠤᠴᠢᠳ ᠬᠤᠰᠢᠭᠤ ᠲᠠᠢ ᠳᠠᠪᠣᠰᠣ ᠠᠪᠬᠤ ᠭᠡᠷ᠎ᠡ ᠳᠣᠭᠳᠠᠭᠠᠵᠣ ᠡᠵᠢ ᠨᠠᠭᠤᠷ | ᠤᠨ ᠳᠠᠪᠣᠰᠣ ᠶᠢ ᠵᠡᠭᠦᠨ ᠭᠤᠷᠪᠠᠨ ᠮᠣᠵᠢ ᠪᠠ ᠮᠣᠩᠭᠤᠯ ᠣᠯᠣᠰ ᠤᠨ ᠭᠡᠰᠡᠭ ᠭᠠᠵᠠᠷ ᠲᠤ ᠬᠤᠳᠠᠯᠳᠣᠬᠤ ᠶᠢ | ᠵᠦᠪᠰᠢᠶᠠᠷᠡᠭᠰᠡᠨ ᠪᠠᠶᠢᠳᠠᠭ᠃ ᠮᠥᠨ ᠬᠦ 1932 ᠣᠨ ᠳᠤ ᠶᠠᠫᠣᠨ ᠤ ᠮᠦᠺᠡᠰᠣ ᠭᠡᠳᠡᠭ ᠭᠦᠮᠣᠨ ᠡᠵᠢ ᠨᠠᠭᠤᠷ | ᠤᠨ ᠳᠠᠪᠣᠰᠣ ᠶᠢ ᠪᠠᠶᠢᠴᠠᠭᠠᠵᠣ ᠦᠵᠡᠭᠡᠳ ︿︿ᠡᠵᠢ ᠨᠠᠭᠤᠷ ᠤᠨ ᠳᠠᠪᠣᠰᠣ ᠪᠣᠯ ᠬᠠᠳᠠ ᠳᠠᠪᠣᠰᠣ ᠮᠦᠨ᠂ ᠬᠤᠵᠢᠮ | ᠳᠠᠭᠠᠨ ᠣᠯᠠᠨ ᠭᠠᠵᠠᠷ ᠵᠦᠭᠡᠭᠡᠪᠣᠷᠢᠯᠡᠭᠦ ᠪᠣᠯᠣᠨ᠎ᠠ﹀﹀ ᠭᠡᠵᠣ ᠬᠡᠯᠡᠭᠰᠡᠨ ᠪᠠᠶᠢᠳᠠᠭ᠃ | ᠡᠵᠢ ᠨᠠᠭᠤᠷ ᠢ ᠣᠣᠯ ᠤᠨ ᠦᠵᠣᠮᠣᠴᠢᠨ ᠪᠠᠷᠠᠭᠤᠨ ᠭᠠᠷᠣᠨ ᠬᠤᠰᠢᠭᠤᠨ ᠤ ᠪᠠᠷᠠᠭᠤᠨ ᠬᠤᠶᠢᠳᠣ ᠵᠠᠬ᠎ᠠ᠂ | ᠵᠡᠬᠦᠨ ᠬᠠᠭᠤᠴᠢᠳ ᠬᠤᠰᠢᠭᠤᠨ ᠤ ᠵᠡᠭᠦᠨ ᠳᠠᠯ᠎ᠠ ᠳᠤ ᠪᠠᠶᠢᠷᠢᠰᠢᠵᠣ ᠳᠣᠰ ᠬᠤᠶᠡᠷ ᠬᠤᠰᠢᠭᠤᠨ ᠠᠴᠠ ᠨᠢᠭᠡᠳᠣᠯᠳᠠᠢ | ᠬᠠᠮᠢᠶᠠᠷᠴᠣ ᠪᠠᠶᠢᠵᠠᠢ᠃ ᠣᠳᠣ ᠶᠢᠨ ᠰᠢᠯᠢ ᠶᠢᠨ ᠭᠤᠣᠯ ᠠᠶᠢᠮᠠᠭ ᠤᠨ ᠵᠡᠭᠦᠨ ᠥᠵᠥᠮᠥᠴᠢᠨ ᠬᠤᠰᠢᠭᠤᠨ ᠤ | ᠡᠵᠢᠨᠠᠭᠤᠷ ᠪᠠᠯᠭᠠᠰᠣᠨ ᠲᠥᠪ ᠶᠢᠨ ᠪᠠᠷᠠᠭᠤᠨ ᠲᠠᠯ᠎ᠠ ᠳᠤ ᠣᠷᠣᠰᠢᠨ᠎ᠠ᠃ | ᠡᠵᠢ ᠨᠠᠭᠤᠷ ᠨᠢ ᠰᠣᠩᠭᠢᠨ᠎ᠠ ᠠᠭᠤᠯᠠ᠂ ᠨᠣᠭᠤᠭᠠᠨ ᠣᠳᠠᠢ᠂ ᠳᠦᠰᠢ ᠶᠢᠨ ᠠᠭᠤᠯᠠ ᠪᠠᠷ ᠭᠦᠷᠢᠶᠡᠯᠡᠭᠦᠯᠵᠣ᠂ | ᠡᠳᠡᠭᠡᠷ ᠠᠭᠤᠯᠠᠨ ᠳᠤ ᠪᠣᠯᠣᠷ ᠴᠢᠯᠠᠭᠤ᠂ ᠡᠷᠭᠦᠯ ᠮᠥᠷᠭᠦᠯ ᠤᠨ ᠰᠢᠷᠭᠤᠭᠤᠯ ᠬᠠᠳᠠ᠂ ᠣᠭ᠍ᠶᠣ ᠬᠠᠳᠠ᠂ ᠡᠨᠡᠷᠢᠯ | ᠠᠪᠣᠷᠠᠯ ᠤᠨ ᠰᠡᠨᠵᠢ ᠬᠠᠳᠠ᠂ ᠡᠷᠯᠢᠭ ᠲᠠᠮᠣ ᠶᠢᠨ ᠵᠠᠮ ᠬᠠᠳᠠ᠂ ᠡᠭᠡ ᠥᠷ᠎ᠡ ᠶᠢᠨ ᠦᠯᠣᠭᠡᠢ ᠬᠠᠳᠠ᠂᠂᠂ | ᠭᠡᠭᠦᠴᠢᠯᠠᠨ ᠣᠯᠠᠨ ᠲᠥᠷᠥᠯ ᠤᠨ ᠰᠣᠨᠢᠨ ᠵᠢᠭᠳᠡᠢ ᠬᠠᠳᠠ ᠪᠠᠶᠢᠳᠠᠭ ᠃ ᠡᠷᠬᠢᠨ ᠳᠣᠭᠤᠷᠢᠨ ᠳᠤᠨᠢ ᠪᠠᠶᠠᠨ ᠪᠣᠣ | ᠰᠢᠪᠠᠷ ᠤᠨ ᠦᠵᠤᠭᠦᠷ ᠰᠠᠭᠤᠷᠢ ᠶᠢᠨ ᠨᠠᠭᠤᠷ᠂ ᠬᠤᠵᠢᠷ ᠤᠨ ᠭᠤᠷᠪᠠᠨ ᠨᠠᠭᠤᠷ᠂ ᠪᠦᠷᠭᠦᠭᠡᠰᠣᠳᠡᠢ ᠨᠠᠭᠤᠷ᠂ | ᠣᠯᠠᠭᠠᠨ ᠨᠠᠭᠤᠷ᠂ ᠴᠠᠭᠠᠨ ᠨᠠᠭᠤᠷ᠂ ᠭᠦᠭᠡᠷᠭᠡ ᠶᠢᠨ ᠨᠠᠭᠤᠷ᠂ ᠮᠣᠷᠣᠢ ᠨᠠᠭᠤᠷ᠂ ᠳᠣᠪᠣᠭᠳᠣ ᠨᠠᠭᠤᠷ᠂ ᠵᠡᠭᠦᠨ | ᠣᠯᠠᠭᠠᠨ ᠨᠠᠭᠤᠷ᠂ ᠡᠩᠭᠡᠷ ᠤᠨ ᠨᠠᠭᠤᠷ᠂ ᠳᠣᠰᠦ᠋ᠩ ᠤᠨ ᠨᠠᠭᠤᠷ᠂ ᠪᠠᠭ᠎ᠠ ᠡᠵᠢ᠂ ᠪᠠᠶᠢᠰᠢᠭ᠍ᠳᠦ ᠶᠢᠨ ᠨᠠᠭᠤᠷ᠂ ᠠᠷᠣ | ᠶᠢᠨ ᠨᠠᠭᠤᠷ᠂ ᠵᠢᠭᠠᠬᠠᠨ ᠭᠤᠪᠢ ᠶᠢᠨ ᠱᠦᠭᠦᠷᠳᠣ ᠨᠠᠭᠤᠷ᠂ ᠬᠤᠯᠣᠰᠣᠳᠣ ᠨᠠᠭᠤᠷ᠂ ᠨᠠᠯᠢᠩᠭᠢ ᠨᠠᠭᠤᠷ᠂ ᠵᠡᠭᠦᠨ | ᠣᠯᠠᠭᠠᠨ ᠨᠠᠭᠤᠷ᠂ ᠭᠦᠳᠡᠭᠡ ᠨᠠᠭᠤᠷ᠂ ᠣᠯᠠᠨ ᠨᠠᠭᠤᠷ᠂ ᠬᠤᠭᠤᠷᠣᠨᠳᠣ ᠶᠢᠨ ᠨᠠᠭᠤᠷ᠂ ᠰᠢᠪᠠᠷ ᠤᠨ ᠦᠵᠣᠭᠦᠷ ᠤᠨ | ᠨᠠᠭᠤᠷ ᠵᠡᠷᠭᠡ ᠣᠯᠠᠨ ᠨᠠᠭᠤᠷ ᠢᠶᠠᠷ ᠭᠦᠷᠢᠶᠡᠯᠡᠭᠦᠯᠣᠭ᠍ᠰᠡᠨ ᠪᠠᠶᠢᠳᠠᠭ᠃ | ᠶᠡᠭᠡ ᠡᠵᠢ ᠪᠣᠯ ︵ᠨᠠᠭᠤᠷ ︶ ᠨᠢ ᠬᠤᠶᠢᠰᠢ ᠣᠷᠣᠭᠰᠢ ᠪᠠᠨ ᠭᠤᠴᠢ ᠭᠠᠷᠣᠢ ᠭᠠᠵᠠᠷ ᠣᠷᠳᠣ᠂ ᠵᠡᠭᠦᠨᠰᠢ | ᠪᠠᠷᠠᠭᠤᠨᠰᠢ ᠠᠷᠪᠠ ᠭᠠᠷᠣᠢ ᠭᠠᠵᠠᠷ ᠦᠷᠭᠡᠨ ᠪᠠᠶᠢᠭᠰᠠᠨ ᠶᠣᠮ᠃ ᠪᠢ ᠪᠠᠭ᠎ᠠ ᠳᠠᠭᠠᠨ ᠮᠣᠷᠢ ᠣᠨᠣᠨ ᠡᠵᠢ ᠨᠠᠭᠤᠷ | ᠢᠶᠠᠨ ᠨᠢᠭᠡ ᠳᠣᠭᠤᠷᠢᠵᠣ ᠢᠷᠡᠭᠦ ᠳᠤ ᠶᠠᠭ ᠪᠦᠭᠦᠯᠢ ᠡᠳᠣᠷ ᠶᠠᠪᠣᠳᠠᠭ ᠪᠠᠶᠢᠵᠣ ᠪᠢᠯᠡ᠂ ᠡᠵᠢ ᠨᠠᠭᠤᠷ ᠢ | ᠳᠣᠭᠤᠷᠢᠭᠠᠳ ᠬᠢᠯᠢᠵᠢᠷ ᠤᠨ ᠳᠣᠪᠣᠭ᠂ ᠪᠣᠷᠣ ᠳᠣᠪᠣᠭ᠂ ᠪᠠᠶᠢᠰᠢᠩᠳᠣ ᠶᠢᠨ ᠳᠣᠪᠣᠭ᠂ ᠮᠣᠩᠭᠤᠯ ᠳᠣᠪᠣᠭ ᠬᠡᠵᠣ | ᠳᠦᠷᠪᠡᠨ ᠳᠣᠪᠣᠭ ᠪᠠᠶᠢᠳᠠᠭ ᠪᠦᠭᠡᠳ ᠡᠵᠢ ᠨᠠᠭᠤᠷ ᠤᠨ ᠵᠦᠭ ᠪᠦᠭᠦᠨ ᠠᠴᠠ ᠳᠣᠳᠣᠭᠰᠢ ᠣᠷᠣᠰᠣᠭᠰᠠᠨ ᠵᠠᠭᠤ | ᠨᠠᠶᠢᠮᠠᠨ ᠪᠣᠯᠠᠭ ᠪᠠᠶᠢᠳᠠᠭ ᠶᠤᠮ᠃ ᠪᠣᠮᠪᠣᠨ ᠪᠣᠯᠠᠭ᠂ ᠰᠦᠮ᠎ᠠ ᠶᠢᠨ ᠭᠤᠣ ᠶᠢᠨ ᠪᠣᠯᠠᠭ᠂ ᠰᠣᠪᠠᠭ ᠤᠨ ᠪᠣᠯᠠᠭ᠂ | ᠪᠠᠶᠠᠨ ᠬᠤᠰᠢᠭᠤᠨ ᠪᠣᠯᠠᠭ᠂ ᠭᠦᠨ ᠭᠤᠣ ᠶᠢᠨ ᠪᠣᠯᠠᠭ᠂ ᠮᠣᠷᠣᠢ ᠡᠷᠭᠢ ᠶᠢᠨ ᠪᠣᠯᠠᠭ᠂ ᠠᠷᠠᠯ ᠤᠨ ᠪᠣᠯᠠᠭ᠂ ᠪᠣᠭᠤᠨᠢ | ᠡᠷᠭᠢ ᠶᠢᠨ ᠪᠣᠯᠠᠭ᠂ ᠳᠠᠰᠣᠷᠬᠠᠢ ᠪᠣᠯᠠᠭ᠂ ᠰᠢᠷᠭᠢ ᠶᠢᠨ ᠪᠣᠯᠠᠭ᠂ ᠵᠠᠩᠴᠢ ᠣᠪᠣᠭᠠᠨ ᠪᠣᠯᠠᠭ᠂ ᠣᠯᠣᠮ ᠤᠨ ᠪᠣᠯᠠᠭ | ᠂ ᠣᠪᠣᠭᠠᠨ ᠪᠣᠯᠠᠭ᠂ ᠵᠠᠮ ᠤᠨ ᠪᠣᠯᠠᠭ᠂ ᠦᠷᠭᠡᠨ ᠤ ᠪᠣᠯᠠᠭ᠂ ᠶᠡᠭᠡ ᠪᠣᠯᠠᠭ᠂ ᠳᠡᠭᠢᠳᠠᠭ ᠪᠣᠯᠠᠭ᠂ ᠦᠨᠳᠣᠷ ᠤᠨ | ᠪᠣᠯᠠᠭ᠂ ᠪᠣᠷᠬᠠᠨ ᠭᠦᠷᠢ ᠶᠢᠨ ᠪᠣᠯᠠᠭ᠂ ᠷᠠᠰᠢᠶᠠᠨ ᠪᠣᠯᠠᠭ᠂ ᠬᠥᠨᠳᠡᠯᠡᠨ ᠤ ᠪᠣᠯᠠᠭ᠂ ᠭᠠᠳᠣᠯᠳᠠᠭ ᠪᠣᠯᠠᠭ᠂ ᠣᠪᠣᠭᠠᠳᠣ | ᠪᠣᠯᠠᠭ᠂ ᠭᠦᠬᠡᠷᠡᠩ ᠤᠨ ᠪᠣᠯᠠᠭ᠂ ᠴᠢᠪ ᠤᠨ ᠪᠣᠯᠠᠭ᠂ ᠭᠦᠯᠳᠡᠭᠦᠣ ᠶᠢᠨ ᠪᠣᠯᠠᠭ᠂ ᠪᠣᠯᠣᠩ ᠤᠨ ᠪᠣᠯᠠᠭ᠂ ᠵᠠᠮᠳᠣ | ᠪᠣᠯᠠᠭ᠂ ᠰᠡᠷᠢᠭᠦᠨ ᠪᠣᠯᠠᠭ᠂ ᠬᠡᠩᠰᠢᠭᠦᠯ ᠤᠨ ᠪᠣᠯᠠᠭ᠂ ᠪᠣᠭᠤᠨᠢ ᠭᠤᠣ ᠶᠢᠨ ᠪᠣᠯᠠᠭ᠂ ᠵᠠᠯᠠᠮᠳᠣ ᠶᠢᠨ ᠪᠣᠯᠠᠭ᠂᠂᠂᠂᠂ | ᠵᠡᠷᠭᠡ ᠣᠯᠠᠨ ᠪᠣᠯᠠᠭ ᠡᠪᠣᠯ ᠵᠣᠨ ᠦᠭᠡᠢ ᠣᠷᠬᠢᠯᠵᠣ ᠬᠠᠷᠠᠵᠠᠯᠠᠭᠠᠳ ᠡᠵᠢ ᠨᠠᠭᠤᠷ ᠲᠤ ᠴᠢᠳᠬᠤᠵᠣ ᠪᠠᠶᠢᠳᠠᠭ᠃ | ᠪᠠᠰᠠ ᠡᠵᠢ ᠨᠠᠭᠤᠷ ᠲᠤ ᠣᠷᠣᠵᠣ ᠭᠡᠰᠢᠭ ᠵᠠᠯᠠᠳᠠᠭ ᠪᠠᠶᠠᠨ ᠬᠤᠰᠢᠭᠤ ᠣᠯᠣᠮ᠂ ᠠᠷᠠᠯ ᠤᠨ ᠣᠯᠣᠮ᠂ | ᠦᠷᠭᠡᠨ ᠤ ᠣᠯᠣᠮ᠂ ᠦᠨᠳᠣᠷ ᠤᠨ ᠣᠯᠣᠮ᠂ ᠳᠡᠣᠯᠡᠢ ᠣᠯᠣᠮ᠂ ᠭᠦᠯᠳᠡᠭᠦᠣ ᠶᠢᠨ ᠣᠯᠣᠮ᠂ ᠵᠢᠷᠣᠭᠡ ᠶᠢᠨ ᠣᠯᠣᠮ | ᠂ ᠵᠠᠮᠬᠠᠳᠣ ᠶᠢᠨ ᠣᠯᠣᠮ᠂ ᠪᠠᠶᠠᠨᠪᠣᠣ ᠶᠢᠨ ᠣᠯᠣᠮ᠂᠂᠂᠂᠂ ᠵᠡᠷᠭᠡ ᠠᠷᠠᠪ ᠰᠢᠬᠠᠮ ᠣᠯᠣᠮ ᠤᠳ ᠪᠠᠶᠢᠳᠠᠭ ᠰᠠᠨ᠃ | | ᠡᠵᠢ ᠨᠠᠭᠤᠷ ᠲᠤ ᠭᠦᠬᠡ ᠲᠠᠪᠤᠰᠤ᠂ ᠴᠠᠭᠠᠨ ᠲᠨᠪᠤᠰᠤ᠂ ᠭᠥᠷᠵᠡᠩ ᠲᠠᠪᠤᠰᠤ᠂ ᠰᠢᠲᠤ ᠲᠠᠪᠤᠰᠤ ᠴᠦᠮ | ᠪᠠᠶᠢᠲᠠᠭ ᠪᠦᠭᠡᠳ ᠡᠷᠦᠭᠡ ᠤᠳ ᠲᠤ ᠬᠤᠸᠠᠷ ᠲᠠᠪᠤᠰᠤ᠂ ᠱᠤᠭᠤᠮ ᠲᠠᠪᠤᠰᠤ ᠮᠡᠲᠦ ᠶᠢᠨ ᠰᠤᠯᠤᠩᠭᠠᠨ ᠦᠩᠭᠡ ᠲᠠᠢ | ᠭᠡᠷᠡᠯᠲᠦ ᠲᠠᠪᠤᠰᠤ ᠤᠳ ᠲᠦᠬᠦᠷᠡᠩ ᠪᠠᠶᠢᠵᠤ ᠲᠡᠷᠡ ᠨᠢ ᠡᠮ ᠳᠤ ᠤᠷᠤᠲᠠᠭ ᠲᠤᠯᠠ 8 ᠰᠠᠷ᠎ᠠ ᠶᠢᠨ 15 ᠤ | ᠦᠷᠯᠦᠭᠡ ᠨᠠᠷᠠᠨ ᠠᠴᠠ ᠡᠮᠦᠨ᠎ᠡ ᠭᠦᠷᠴᠦ ᠠᠪᠤᠭᠠᠳ ᠡᠮ ᠨᠠᠶᠢᠷᠠᠲᠠᠭ ᠤᠯᠠᠮᠵᠢᠯᠠᠯᠳᠣ ᠵᠣᠷ ᠲᠠᠢ ᠪᠠᠶᠢᠭᠰᠠᠨ ᠶᠤᠮ᠃ | ᠡᠵᠢ ᠨᠠᠭᠤᠷ ᠤᠨ ᠡᠷᠦᠭᠡ ᠨᠦᠭᠡ ᠤᠳ ᠶᠡᠭᠡ ᠤᠯᠠᠨ ᠪᠠᠶᠢᠲᠠᠭ᠃ ᠡᠵᠢ ᠨᠠᠭᠤᠷ ᠤᠨ ᠬᠤᠶᠢᠲᠤ ᠭᠡᠰᠡᠭ ᠲᠤ | ᠴᠢᠨᠲᠠᠮᠤᠨᠢ ᠭᠤᠷᠪᠠᠨ ᠡᠷᠦᠭᠡ ᠭᠡᠵᠦ ᠪᠠᠶᠢᠲᠠᠭ ᠶᠣᠮ᠃ ᠲᠡᠷᠡ ᠨᠢ ᠮᠢᠩᠭᠠᠨ ᠬᠤᠨᠢᠨ ᠤ ᠬᠤᠲᠠ ᠶᠢᠨ ᠴᠢᠨᠡᠭᠡᠨ ᠶᠡᠭᠡ | ᠬᠦᠯ ᠦᠭᠡᠢ ᠬᠦᠨ ᠤᠰᠤ ᠨᠤᠭᠤᠳ ᠪᠠᠶᠢᠵᠤ᠂ ᠲᠡᠤᠭᠡᠨ ᠠᠴᠠ ᠠᠪᠤᠭᠠᠳ ᠡᠲᠦᠭᠡ ᠳᠤ ᠬᠦᠷᠲᠡᠯ᠎ᠠ ᠬᠦᠮᠦᠨ | ᠠᠮᠢᠲᠠᠠ ᠤᠶᠢᠷᠠᠲᠤᠲᠠᠭ ᠦᠭᠡᠢ ᠪᠢᠯᠠ᠃ ︵ᠤᠶᠢᠷᠠᠲᠤᠨ ᠤᠴᠢᠪᠠᠯ ᠲᠠᠲᠠᠨ᠎ᠠ ᠭᠡᠲᠡᠭ᠃︶ ᠤᠶᠢᠷᠠᠳᠬᠤ ᠲᠤᠲᠤᠮ | ᠦᠮᠦᠲᠡᠵᠦ ᠴᠦᠮᠦᠷᠢᠨ ᠪᠠᠶᠢᠲᠠᠭ ᠪᠦᠭᠡᠳ ᠲᠠᠭᠦᠨ ᠢᠶᠠᠷ ᠤᠷᠤᠪᠠᠯ ᠬᠡᠲᠦᠨ ᠵᠠᠭᠤᠨ ᠭᠠᠵᠠᠷ ᠤᠨ ᠲᠡᠷᠭᠡᠲᠡᠭᠢ | ᠲᠦᠩᠬᠢᠨᠡᠬᠦ ︵ᠣᠳᠣ ᠶᠢᠨ ᠣᠯᠢᠶᠠᠰᠣᠳᠠᠢ ᠠᠭᠤᠯᠠ ᠶᠢᠨ ᠵᠡᠭᠦᠨ ᠬᠤᠶᠢᠨ᠎ᠠ ᠬᠤᠷᠢᠨ ᠺᠢᠯᠣᠮᠧᠲᠷ ᠵᠠᠶᠢᠳᠠᠢ ᠪᠠᠶᠢᠳᠠᠭ | ᠠᠭᠤᠯᠠ ᠳᠠᠬᠢ ᠣᠨᠳᠣᠷᠣᠮᠠᠯ ᠪᠣᠯᠠᠭ ᠤᠨ ᠨᠠᠷᠠ︶ ᠪᠠᠷ ᠭᠠᠷᠳᠠᠭ ᠬᠡᠳᠡᠭ ᠲᠣᠮᠤᠭ ᠶᠡᠷᠢᠶ᠎ᠠ ᠪᠠᠶᠢᠳᠠᠭ᠃ ᠡᠵᠢ ᠶᠢᠨ | ᠡᠷᠣᠭᠡ ᠶᠢᠨ ᠲᠡᠷᠡ ᠣᠰᠣ ᠨᠢ ᠨᠠᠷᠠ ᠰᠠᠯᠬᠢᠨ ᠦᠵᠡᠪᠡᠯ ᠴᠢᠯᠭᠤᠵᠢᠭᠠᠳ ᠳᠠᠪᠣᠰᠣ ᠪᠣᠯᠣᠨ ᠬᠤᠪᠢᠷᠡᠳᠠᠭ ᠪᠢᠯᠡ᠃ | ᠶᠡᠭᠡ ᠡᠷᠣᠭᠡ ᠨᠢ ᠡᠶᠢᠮᠣ ᠭᠤᠷᠪᠠᠭ᠋ᠠᠨ ᠪᠠᠶᠢᠳᠠᠭ ᠪᠣᠯᠪᠠᠴᠣ ᠭᠡᠷ ᠤᠨ ᠪᠠᠭᠤᠴᠠ ᠶᠢᠨ ᠬᠢᠷᠢ᠂ ᠳᠣᠭᠤᠭᠠᠨ ᠠᠮᠠᠰᠠᠷ | ᠤᠨ ᠬᠢᠷᠢ ᠪᠠᠭ᠎ᠠ ᠡᠷᠣᠭᠡ ᠤᠳ ᠳᠤᠭ᠎ᠠ ᠳᠣᠮᠰᠢ ᠦᠭᠡᠢ ᠣᠯᠠᠨ ᠪᠣᠢ᠃ ᠭᠡᠳᠣᠢ ᠪᠠᠭ᠎ᠠ ᠡᠷᠣᠭᠡ ᠨᠢ ᠭᠡᠳ ᠪᠦᠷ ᠭᠦᠯ | ᠦᠭᠡᠢ ᠭᠦᠨ ᠪᠠᠶᠢᠵᠣ ᠳᠡᠷᠭᠡ ᠣᠨᠤᠭ᠎ᠠ ᠣᠷᠣᠪᠠᠯ ᠦᠮᠣᠷᠠᠵᠣ ᠴᠦᠮᠣᠷᠠᠨ ᠭᠦᠮᠣᠨ ᠢ ᠠᠶᠣᠯᠭᠠᠳᠠᠭ᠃ ᠳᠡᠷᠭᠡ | ᠣᠨᠤᠭ᠎ᠠ ᠢᠶᠠᠨ ᠠᠯᠳᠠᠵᠣ ᠣᠷᠣᠭᠤᠯᠣᠭᠰᠠᠨ ᠲᠡᠣᠭᠡ ᠳᠣᠮᠤᠭ ᠴᠦ ᠣᠯᠠᠨ ᠪᠠᠶᠢᠳᠠᠭ᠃ ᠳᠠᠪᠣᠰᠣ ᠳᠡᠭᠡᠭᠡᠵᠣ ᠦᠵᠡᠭᠡ | ᠦᠭᠡᠢ ᠪᠣᠶᠣ ᠡᠵᠢ ᠨᠠᠭᠤᠷ ᠤᠨ ᠳᠣᠬᠠᠢ ᠮᠡᠳᠡᠯᠭᠡ ᠮᠡᠳᠡᠴᠡ ᠦᠭᠡᠢ ᠭᠦᠮᠣᠨ ᠪᠣᠯ ᠦᠭᠦᠵᠣ ᠦᠷᠡᠭᠳᠡᠭᠦ ᠠᠶᠣᠯᠳᠠᠢ | ᠶᠤᠮ᠂᠂ ᠡᠨᠡᠭᠦ ᠪᠠᠶᠢᠭᠠᠯᠢ ᠶᠢᠨ ᠳᠠᠯᠳᠠ ᠨᠢᠭᠤᠴᠠ ᠶᠢ ᠰᠣᠬᠤᠷ ᠪᠠᠯᠠᠢ ᠪᠠᠷ ᠵᠠᠰᠠᠵᠣ ᠰᠠᠶᠢᠵᠢᠷᠠᠭᠤᠯᠬᠤ ᠭᠡᠵᠣ | ᠣᠷᠣᠯᠳᠣᠭᠰᠠᠨ ᠠᠴᠠ ᠣᠳᠣ ᠳᠠᠪᠣᠰᠣᠨ ᠳᠠᠯᠠᠪᠠᠢ ᠪᠠᠭᠠᠰᠴᠣ ᠪᠠᠶᠢᠭ᠎ᠠ ᠶᠢᠨ ᠣᠴᠢᠷ ᠡᠨᠡ ᠪᠢᠯᠡ᠃ | | | | | | | | | | | | | | |