ᠵᠡᠭᠦᠨ ᠦᠵᠦᠮᠦᠴᠢᠨ ᠬᠤᠰᠢᠭᠤᠨ ᠤ ᠮᠤᠩᠭᠤᠯ ᠦᠨᠳᠦᠰᠦᠲᠡᠨ ᠤ ᠬᠤᠶᠠᠳᠤᠭᠠᠷ ᠪᠠᠭ᠎ᠠ ᠰᠤᠷᠭᠠᠭᠤᠯᠢ ᠨᠢ | 1980 ᠣᠨ ᠳᠤ ᠪᠠᠶᠢᠭᠤᠯᠣᠭᠳᠠᠵᠣ᠂ ︽ᠳᠣᠮᠳᠠᠭᠤᠪᠢ ᠰᠣᠮᠣᠨ ᠤ ᠪᠠᠭ᠎ᠠ ᠰᠣᠷᠭᠠᠭᠤᠯᠢ︾ ᠭᠡᠵᠦ ᠨᠡᠷᠡᠶᠢᠳᠣᠭ᠍ᠳᠡᠵᠦ | ᠪᠠᠶᠢᠭᠰᠠᠨ ᠠᠴᠠ᠂ 2004 ᠣᠨ ᠳᠤ ︽ᠣᠯᠢᠶᠠᠰᠣᠲᠠᠢ ᠪᠠᠯᠭᠠᠰᠣᠨ ᠤ ᠪᠠᠭ᠎ᠠ ᠰᠣᠷᠭᠠᠭᠤᠯᠢ︾ ᠬᠡᠵᠦ ᠬᠤᠶᠠᠳᠠᠬᠢ | ᠨᠡᠷ᠎ᠡ ᠪᠠᠨ ᠦᠭᠡᠷᠡᠴᠢᠯᠡᠭᠡᠳ᠂ 2007 ᠣᠨ ᠳᠤ ᠵᠡᠬᠦᠨ ᠦᠵᠦᠮᠦᠴᠢᠨ ᠬᠤᠰᠢᠭᠤᠨ ᠤ ᠪᠠᠨ14 ᠰᠣᠮᠣᠨ ᠤ ᠪᠠᠭ᠎ᠠ | ᠰᠣᠷᠭᠠᠭᠤᠯᠢ ᠶᠢ ᠴᠣᠮᠬᠠᠳᠬᠠᠨ ᠲᠦᠪᠯᠡᠷᠡᠬᠦᠯᠵᠦ᠂ ᠬᠤᠰᠢᠭᠤ ᠵᠠᠰᠠᠭ ᠤᠨ ᠣᠷᠳᠣᠨ ᠠᠴᠠ ︽ᠵᠡᠬᠦᠨ ᠦᠵᠦᠮᠦᠴᠢᠨ | ᠬᠤᠰᠢᠭᠤᠨ ᠤ ᠮᠣᠩᠭᠤᠯ ᠦᠨᠳᠦᠰᠦᠲᠡᠨ ᠤ ᠬᠤᠶᠠᠳᠣᠭᠠᠷ ᠪᠠᠭ᠎ᠠ ᠰᠣᠷᠭᠠᠭᠤᠯᠢ︾ ᠬᠡᠵᠦ ᠳᠠᠬᠢᠨᠲᠠ ᠦᠭᠡᠷᠡᠴᠢᠯᠡᠨ | ᠨᠡᠷᠡᠶᠢᠳᠴᠦ᠂ ᠬᠤᠰᠢᠭᠤ ᠳᠡᠰ ᠤᠨ ᠰᠣᠷᠭᠠᠭᠤᠯᠢ ᠪᠣᠯᠣᠭᠰᠠᠨ ᠪᠠᠶᠢᠨ᠎ᠠ᠃ ᠣᠳᠣᠬᠠᠨ ᠳᠤ ᠮᠠᠨ ᠤ ᠰᠣᠷᠭᠠᠭᠤᠯᠢ ᠨᠢ | 113 ᠨᠡᠷ᠎ᠡ ᠪᠠᠭᠰᠢ ᠠᠵᠢᠯᠲᠠᠨ᠂ 30 ᠠᠩᠬᠢ᠂ 1301 ᠰᠣᠷᠣᠭᠴᠢ ᠲᠠᠢ᠃ ᠰᠣᠷᠭᠠᠭᠤᠯᠢ ᠶᠢᠨ ᠬᠦᠷᠢᠶᠡᠨ ᠤ | ᠡᠵᠡᠯᠡᠬᠦ ᠲᠠᠯᠠᠪᠠᠢ 37795 ᠺᠦᠸᠠᠳ᠋ ᠮᠧᠲᠷ ᠪᠠᠶᠢᠵᠦ᠂ ᠪᠠᠷᠢᠯᠭ᠎ᠠ ᠶᠢᠨ ᠲᠠᠯᠠᠪᠠᠢ 9274 ᠺᠦᠸᠠᠳ᠋ ᠮᠧᠲᠷ ᠪᠠᠶᠢᠨ᠎ᠠ | ᠃ ᠭᠤᠴᠢᠭᠠᠳ ᠵᠢᠯ ᠤᠨ ᠲᠣᠷᠰᠢ ᠮᠠᠨ ᠤ ᠰᠣᠷᠭᠠᠭᠤᠯᠢ ᠨᠢ ᠨᠠᠮ ᠵᠠᠰᠠᠭ ᠤᠨ ᠬᠠᠯᠠᠮᠵᠢᠯᠠᠯ ᠪᠠ ᠵᠦᠪ ᠣᠨᠣᠪᠴᠢᠲᠠᠢ | ᠣᠳᠣᠷᠢᠳᠣᠯᠭ᠎ᠠ ᠶᠢᠨ ᠳᠣᠣᠷ᠎ᠠ ᠴᠢᠷᠮᠠᠶᠢᠨ ᠲᠡᠮᠡᠴᠡᠵᠦ᠂ ᠴᠠᠭ ᠦᠶ᠎ᠡ ᠲᠠᠢ ᠵᠡᠷᠭᠡᠴᠡᠨ ᠣᠷᠣᠭᠰᠢᠯᠠᠨ᠂ | ᠰᠣᠷᠭᠠᠭᠤᠯᠢ ᠶᠢᠨ ᠪᠣᠲᠠᠲᠠᠢ ᠪᠠᠶᠢᠳᠠᠯ ᠬᠢᠭᠡᠳ ᠨᠡᠶᠢᠭᠡᠮ ᠤᠨ ᠬᠦᠭᠵᠢᠯᠲᠡ ᠳᠤ ᠲᠣᠬᠢᠷᠠᠭᠤᠯᠣᠨ ᠰᠣᠷᠭᠠᠭᠤᠯᠢ ᠡᠷᠬᠢᠯᠡᠬᠦ | ᠣᠨᠣᠯᠵᠢᠭᠤᠨ ᠢᠶᠠᠨ ᠰᠢᠨᠡᠴᠢᠯᠡᠵᠦ᠂ ᠵᠢᠭᠠᠨ ᠰᠣᠷᠭᠠᠯᠳᠠ ᠪᠠᠷ ᠭᠤᠣᠯ ᠪᠣᠯᠭᠠᠵᠣ᠂ ᠰᠣᠷᠣᠭᠴᠢ ᠨᠢᠭᠡᠪᠦᠷᠢ ᠶᠢ | ᠭᠦᠭᠵᠢᠭᠦᠯᠵᠣ᠂ ᠪᠢᠴᠢᠭ ᠵᠢᠭᠠᠵᠣ ᠬᠦᠮᠦᠨ ᠬᠦᠮᠦᠵᠢᠭᠦᠯᠬᠦ᠂ ᠬᠠᠮᠢᠶᠠᠷᠣᠯᠳᠠ ᠪᠠᠷ ᠬᠦᠮᠦᠨ ᠬᠦᠮᠦᠵᠢᠭᠦᠯᠬᠦ᠂ ᠣᠷᠴᠢᠨ | ᠲᠣᠭᠤᠷᠢᠨ ᠢᠶᠠᠷ ᠬᠦᠮᠦᠨ ᠬᠦᠮᠦᠵᠢᠭᠦᠯᠬᠦ᠂ ᠦᠢᠯᠡᠴᠢᠯᠡᠭᠡ ᠪᠠᠷ ᠬᠦᠮᠦᠨ ᠬᠦᠮᠦᠵᠢᠭᠦᠯᠬᠦ ᠶᠢ ᠪᠠᠷᠢᠮᠳᠠᠯᠠᠵᠣ᠂ ᠰᠢᠨ᠎ᠡ ᠶᠢ | ᠡᠭᠦᠳᠣᠨ᠂ ᠬᠢᠴᠢᠶᠡᠯᠯᠡᠭᠡ ᠶᠢᠨ ᠦᠷ᠎ᠠ ᠠᠰᠢᠭ ᠢᠶᠠᠨ ᠲᠡᠭᠡᠭᠰᠢᠯᠡᠬᠦᠯᠵᠣ᠂ ᠦᠨᠳᠣᠰᠣᠳᠡᠨ ᠤ ᠣᠨᠴᠠᠯᠢᠭ ᠲᠣᠪᠣᠶᠢᠮ᠎ᠠ᠂ | ᠦᠵᠦᠮᠦᠴᠢᠨ ᠲᠦᠮᠡᠨ ᠤ ᠰᠡᠳᠬᠢᠯ ᠳᠤ ᠬᠠᠨᠣᠮᠵᠢᠳᠠᠢ ᠰᠣᠷᠭᠠᠭᠤᠯᠢ ᠶᠢ ᠪᠦᠳᠦᠭᠡᠨ ᠪᠠᠶᠢᠭᠤᠯᠬᠤ ᠪᠠᠷ ᠴᠢᠷᠮᠠᠶᠢᠵᠣ᠂ | ᠦᠨᠳᠣᠰᠣᠳᠡᠨ ᠤ ᠰᠣᠷᠭᠠᠨ ᠬᠦᠮᠦᠵᠢᠯ ᠤᠨ ᠦᠢᠯᠡᠰ ᠲᠤ ᠦᠨᠠᠨᠴᠢ ᠪᠠᠷ ᠦᠢᠯᠡᠴᠢᠯᠡᠵᠣ ᠢᠷᠡᠭᠰᠡᠨ ᠪᠠᠶᠢᠨ᠎ᠡ᠃ | ᠲᠤᠰ ᠰᠤᠷᠭᠠᠭᠤᠯᠢ ᠨᠢ ᠤᠷᠤᠨ ᠲᠡᠰ ᠤᠨ ︽ᠪᠤᠯᠪᠠᠰᠤᠨ ᠨᠢᠭᠡᠴᠢ︾᠂ ᠤᠷᠤᠨ ᠲᠡᠰ ᠤᠨ ︽ᠬᠠᠤᠯᠢ | ᠲᠦᠭᠡᠮᠡᠯᠵᠢᠬᠦᠯᠵᠦ᠂ ᠬᠠᠤᠯᠢ ᠶᠤᠰᠤ ᠪᠠᠷ ᠰᠢᠢᠳᠪᠦᠷᠢᠯᠡᠨ ᠵᠠᠰᠠᠭᠰᠠᠨ ᠲᠡᠷᠢᠬᠦᠨ ᠤ ᠨᠢᠭᠡᠴᠢ︾᠂ ᠤᠷᠤᠨ ᠳᠡᠰ ᠤᠨ | ︽ᠤᠳᠤ ᠦᠶ᠎ᠡ ᠶᠢᠨ ᠰᠤᠷᠭᠠᠨ ᠬᠦᠮᠦᠵᠢᠯ ᠤᠨ ᠮᠡᠷᠭᠡᠵᠢᠯ ᠤᠨ ᠰᠢᠯᠢᠳᠡᠭ ᠰᠤᠷᠭᠠᠭᠤᠯᠢ︾᠂ ᠤᠷᠤᠨ ᠳᠡᠰ ᠤᠨ ︽ | ᠨᠠᠷᠢᠯᠢᠭ ᠬᠠᠮᠢᠶᠠᠷᠤᠯᠲᠠ ᠶᠢᠨ ᠳᠠᠭᠤᠷᠢᠶᠠᠯ ᠰᠤᠷᠭᠠᠭᠤᠯᠢ︾᠂ ᠠᠶᠢᠮᠠᠭ ᠳᠡᠰ ᠤᠨ ︽ᠦᠨᠳᠦᠰᠦᠲᠡᠨ ᠤ ᠪᠠᠷᠢᠮᠵᠢᠶᠠᠲᠦ | ᠰᠤᠷᠭᠠᠭᠤᠯᠢ︾᠂ ᠠᠶᠢᠮᠠᠭ ᠳᠡᠰ ᠤᠨ ︽ᠰᠤᠷᠭᠠᠭᠤᠯᠢ ᠶᠢᠨ ᠬᠠᠮᠢᠶᠠᠷᠤᠯᠲᠠ ᠶᠢᠨ ᠲᠡᠷᠢᠭᠦᠨ ᠤ ᠰᠤᠷᠭᠠᠭᠤᠯᠢ︾᠂ | ᠠᠶᠢᠮᠠᠭ ᠳᠡᠰ ᠤᠨ ︽ᠤᠷᠴᠢᠨ ᠠᠬᠤᠢ ᠶᠢᠨ ᠪᠠᠷᠢᠮᠵᠢᠶᠠᠲᠦ ᠰᠤᠷᠭᠠᠭᠤᠯᠢ︾ ᠵᠡᠷᠭᠡ ᠢᠷᠠᠭᠤ ᠠᠯᠳᠠᠷ ᠢ ᠳᠡᠭᠡᠳᠦᠯᠡᠨ | ᠶᠠᠪᠤᠭ᠎ᠠ ᠦᠵᠦᠮᠦᠴᠢᠨ ᠨᠤᠳᠤᠭ ᠤᠨ ᠬᠡᠤᠬᠡᠳ ᠪᠠᠭᠠᠴᠤᠳ ᠤᠨ ᠰᠤᠶᠤᠯ ᠤᠨ ᠦᠯᠦᠭᠡᠢ ᠪᠤᠯᠬᠤ ᠶᠤᠮ᠃ | ᠰᠤᠷᠤᠭᠴᠢᠳ ᠤᠨ ᠪᠦᠬᠦ ᠲᠠᠯ᠎ᠠ ᠶᠢᠨ ᠬᠦᠭᠵᠢᠯᠲᠠ ᠳᠤ ᠵᠤᠷᠢᠭᠤᠯᠤᠭᠰᠠᠨ ᠬᠢᠴᠢᠶᠡᠯᠯᠡᠭᠡ ᠶᠢ ᠪᠦᠷᠢᠨ ᠨᠡᠬᠡᠬᠡᠵᠦ | ᠪᠠᠶᠢᠬᠤ ᠮᠦᠷᠲᠡᠭᠡᠨ ᠤᠷᠮ᠎ᠠ ᠲᠠᠢ ᠬᠢᠴᠢᠶᠡᠯᠯᠡᠨ᠂ ᠶᠠᠰᠤᠯᠢᠭ ᠵᠢᠭᠠᠵᠤ ᠰᠤᠷᠤᠭᠴᠢ ᠪᠠᠨ ᠬᠠᠶᠢᠷᠠᠯᠠᠨ᠂ ᠰᠤᠶᠤᠯ ᠢᠶᠠᠨ | ᠬᠦᠨᠳᠦᠳᠭᠡᠵᠦ᠂ ᠰᠤᠷᠭᠠᠨ ᠬᠦᠮᠦᠵᠢᠬᠦᠯᠬᠦ ᠶᠢ ᠵᠤᠷᠢᠵᠤ ᠶᠠᠪᠤᠨ᠎ᠠ᠃ ︽ᠢᠳᠡᠪᠬᠢᠲᠠᠢ ᠰᠤᠷᠤᠯᠴᠠᠵᠤ᠂ ᠤᠷᠮ᠎ᠠ ᠲᠠᠢ | ᠰᠤᠳᠤᠯᠳᠠᠭ︾ ᠪᠠᠭᠰᠢ ᠶᠢᠨ ᠡᠩᠨᠡᠭᠡ ᠶᠢ ᠪᠦᠲᠦᠬᠡᠨ ᠪᠠᠶᠢᠭᠤᠯᠬᠤ ᠪᠠᠷ ᠬᠠᠷᠠᠯᠲᠠ ᠪᠠᠨ ᠪᠤᠯᠭᠠᠵᠤ᠂ ᠪᠠᠭᠰᠢ ᠶᠢᠨ | ᠡᠩᠨᠡᠭᠡᠨ ᠤ ᠪᠦᠲᠦᠭᠡᠨ ᠪᠠᠶᠢᠭᠤᠯᠤᠯᠲᠠ ᠶᠢᠨ ᠠᠵᠢᠯ ᠢᠶᠠᠨ ᠳᠡᠭᠡᠭᠰᠢᠯᠡᠭᠦᠯᠬᠦ ᠪᠠᠷ ᠴᠢᠷᠮᠠᠶᠢᠵᠤ ᠢᠷᠡᠪᠡ᠃ ᠵᠢᠭᠠᠨ | ᠰᠤᠷᠭᠠᠯᠲᠠ ᠶᠢᠨ ᠲᠤᠮᠳᠠ ᠤᠷᠤᠰᠢᠵᠤ ᠪᠠᠶᠢᠭ᠎ᠠ ᠠᠰᠠᠭᠤᠳᠠᠯ ᠳᠤ ᠴᠢᠭᠯᠡᠬᠦᠯᠦᠨ ᠪᠠᠭᠰᠢ ᠪᠤᠯᠭᠠᠨ ᠦᠪᠡᠷ ᠤᠨ ᠭᠡᠰᠡᠨ | ᠰᠤᠳᠤᠯᠭᠠᠨ ᠬᠢᠵᠦ᠂ ︽ᠰᠤᠳᠤᠯᠭᠠᠨ ᠢᠶᠠᠷ ᠵᠢᠭᠠᠨ ᠰᠤᠷᠭᠠᠯᠲᠠ ᠪᠠᠨ ᠠᠬᠢᠭᠤᠯᠬᠤ᠂ ᠰᠤᠳᠤᠯᠭᠠᠨ ᠢᠶᠠᠷ ᠰᠤᠷᠭᠠᠭᠤᠯᠢ | ᠪᠠᠨ ᠬᠦᠭᠵᠢᠬᠦᠯᠬᠦ︾ ᠶᠢ ᠲᠤᠭᠤᠰᠢᠯᠠᠭᠤᠯᠤᠨ ᠬᠡᠷᠡᠭᠵᠢᠬᠦᠯᠪᠡ᠃ | ︽ᠮᠤᠩᠭᠤᠯ ᠬᠡᠯᠡ ᠪᠢᠴᠢᠭ ᠤᠨ ᠬᠢᠴᠢᠶᠡᠯᠯᠡᠭᠡ ᠳᠤ ᠵᠠᠩ ᠦᠢᠯᠡ ᠶᠢ ᠠᠭᠤᠰᠬᠠᠨ ᠵᠢᠭᠠᠬᠤ︾ ᠰᠤᠳᠤᠯᠭᠠᠨ | ᠢᠶᠠᠷ ᠰᠤᠷᠭᠠᠭᠤᠯᠢ ᠶᠢᠨ ᠤᠨᠴᠠᠯᠢᠭ ᠪᠤᠯᠭᠠᠵᠤ ᠪᠠᠶᠢᠭᠰᠠᠨ ᠠᠴᠠ ᠪᠠᠨ ᠪᠦᠬᠦ ᠬᠢᠴᠢᠶᠡᠯ ᠲᠦᠷᠦᠯ ᠳᠤ ᠮᠤᠩᠭᠤᠯ ᠵᠠᠩ | ᠦᠢᠯᠡ ᠶᠢ ᠠᠭᠤᠰᠬᠠᠨ ᠵᠢᠭᠠᠬᠤ ᠲᠡᠶᠢᠰᠢ ᠬᠦᠭᠵᠢᠨ ᠪᠠᠳᠠᠷᠠᠪᠠ᠃ ᠰᠤᠷᠤᠭᠴᠢᠳ ᠤᠨ ᠨᠠᠰᠤᠨ ᠤ ᠤᠨᠴᠠᠯᠢᠭ ᠲᠤ | ᠲᠤᠬᠢᠷᠠᠭᠰᠠᠨ ᠰᠤᠶᠤᠯ ᠲᠡᠤᠬᠡ᠂ ᠶᠤᠰᠤ ᠵᠠᠩᠰᠢᠯ ᠵᠡᠷᠭᠡ ᠠᠭᠤᠯᠭ᠎ᠠ ᠠᠴᠠ ᠰᠤᠩᠭᠤᠯᠲᠠ ᠶᠢᠨ ᠴᠢᠨᠠᠷᠲᠠᠢ ᠪᠤᠷᠤ | ᠮᠠᠲ᠋ᠧᠷᠢᠶᠠᠯ ᠴᠤᠭᠯᠠᠭᠤᠯᠵᠤ ᠨᠤᠲᠤᠭ ᠤᠷᠤᠨ ᠤ ᠡᠷᠲᠡᠮᠲᠡᠨ ᠮᠡᠷᠭᠡᠳ ᠠᠴᠠ ᠵᠦᠪᠯᠡᠯᠭᠡ ᠠᠪᠴᠦ 1— 6 ᠤᠨ ᠤ | ᠪᠦᠷᠢᠨ ᠢᠵᠢ ᠠᠷᠪᠠᠨ ᠬᠤᠶᠠᠷ ᠳᠡᠪᠲᠡᠷ ︽ᠦᠪ ᠰᠤᠶᠤᠯ ᠤᠨ ᠠᠯᠲᠠᠨ ᠬᠡᠯᠬᠢᠶ᠎ᠡ︾ ᠵᠠᠩ ᠦᠢᠯᠡ ᠶᠢᠨ ᠬᠢᠴᠢᠶᠡᠯ | ᠤᠨ ᠪᠢᠴᠢᠭ ᠢ ᠡᠮᠬᠢᠳᠬᠡᠨ ᠨᠠᠶᠢᠷᠠᠭᠤᠯᠵᠤ ᠰᠤᠷᠭᠠᠭᠤᠯᠢ ᠶᠢᠨ ᠬᠢᠴᠢᠶᠡᠯ ᠳᠤ ᠪᠠᠨ ᠠᠰᠢᠭᠯᠠᠭᠰᠠᠨ ᠪᠠᠶᠢᠨ᠎ᠠ᠃ | | | | | | | | | | |