ᠮᠤᠩᠭᠤᠯ ᠭᠡᠷ ᠤᠨ ᠰᠤᠶᠤᠯ ᠢᠶᠠᠷ ᠦᠷ᠎ᠡ ᠬᠡᠤᠬᠡᠳ ᠢᠶᠠᠨ ᠬᠦᠮᠦᠵᠢᠭᠦᠯᠬᠦ ᠲᠤᠬᠠᠢ ᠦᠭᠦᠯᠡᠬᠦ ᠨᠢ
ᠨᠡᠶᠢᠲᠡᠯᠡᠭᠰᠡᠨ ᠴᠠᠭ᠄
2017/4/28
ᠤᠷᠢᠶᠠᠩᠬᠠᠨ ᠤ᠂ ᠶᠤᠨᠳᠤᠨ             ᠮᠤᠩᠭᠤᠯ ᠭᠡᠷ ᠤᠨ ᠰᠤᠶᠤᠯ ᠢᠶᠠᠷ ᠦᠷ᠎ᠡ ᠬᠡᠤᠬᠡᠳ ᠢᠶᠠᠨ ᠬᠦᠮᠦᠵᠢᠭᠦᠯᠬᠦ ᠲᠤᠬᠠᠢ ᠦᠭᠦᠯᠡᠬᠦ ᠨᠢ      ᠠᠭᠤᠯᠭ᠎ᠠ ᠶᠢᠨ ᠲᠤᠪᠴᠢ  ᠄ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠤᠶᠤᠯ ᠪᠤᠯ ᠲᠡᠷᠤᠢ ᠠᠮᠢ ᠠᠬᠤᠢ ᠶᠢᠨ ᠰᠤᠶᠤᠯ ᠮᠦᠨ᠃ ᠲᠡᠭᠦᠨ ᠤ ᠲᠤᠲᠤᠷᠠᠬᠢ ᠮᠤᠩᠭᠤᠯ ᠭᠡᠷ ᠤᠨ ᠰᠤᠶᠤᠯ ᠪᠤᠯ ᠰᠢᠯᠢᠳᠡᠭ ᠤᠯᠠᠮᠵᠢᠯᠠᠯᠳᠤ ᠭᠡᠷ ᠪᠦᠯᠢ ᠶᠢᠨ ᠬᠦᠮᠦᠵᠢᠯ ᠮᠦᠷᠳᠡᠬᠡᠨ ᠬᠦᠮᠦᠨ ᠬᠦᠮᠦᠵᠢᠭᠦᠯᠬᠦ ᠤᠬᠠᠭᠠᠨ ᠶᠤᠮ᠃ ᠲᠡᠷᠡ ᠨᠢ ᠬᠡᠤᠬᠡᠳ ᠪᠠᠭᠠᠴᠦᠳ ᠢ ᠨᠦᠯᠦᠭᠡᠯᠡᠬᠦ ᠮᠠᠰᠢ ᠤᠯᠠᠨ ᠡᠯᠪᠡᠭ ᠪᠠᠶᠠᠯᠢᠭ ᠲᠡᠭᠡᠳᠦ ᠲᠡᠰ ᠤᠨ ᠡᠯᠧᠮᠧᠨ᠋ᠲ ᠤᠳ ᠢ ᠠᠴᠢᠶᠠᠯᠠᠵᠦ᠂ ᠨᠡᠭᠦᠳᠡᠯ ᠮᠠᠯᠵᠢᠯ ᠤᠨ ᠲᠡᠤᠬᠡᠨ ᠲᠡᠭᠡᠷ᠎ᠡ ᠯᠤᠳᠤ ᠶᠡᠭᠡ ᠦᠢᠯᠡᠳᠦᠯ ᠢᠶᠠᠨ ᠦᠵᠡᠭᠦᠯᠦᠭᠰᠡᠭᠡᠷ ᠢᠷᠡᠭᠰᠡᠨ ᠭᠡᠵᠦ ᠦᠵᠡᠭᠰᠡᠨ ᠪᠦᠭᠡᠳ ︽ᠦᠯᠵᠡᠶᠢᠳᠦ ᠨᠡᠭᠦᠳᠡᠯ ᠤᠨ ᠦᠵᠦᠮᠦᠴᠢᠨ︾᠂ ︽ᠬᠡᠤᠬᠡᠳ ᠬᠦᠮᠦᠵᠢᠭᠦᠯᠬᠦ ᠮᠤᠩᠭᠤᠯ ᠤᠬᠠᠭᠠᠨ︾᠂ ︽ᠲᠤᠤᠯᠢ ᠶᠢᠨ ᠲᠠᠩᠰᠤᠭ ᠦᠵᠦᠮᠦᠴᠢᠨ︾ ᠭᠡᠬᠦ ᠭᠤᠷᠪᠠᠨ ᠪᠦᠯᠦᠭ ᠬᠤᠪᠢᠶᠠᠵᠦ᠂ ᠮᠤᠩᠭᠤᠯ ᠭᠡᠷ ᠤᠨ ᠬᠦᠮᠦᠵᠢᠯ ᠤᠨ ᠬᠦᠮᠦᠨ ᠬᠦᠮᠦᠵᠢᠭᠦᠯᠬᠦ ᠠᠷᠭ᠎ᠠ ᠬᠡᠯᠪᠡᠷᠢ ᠶᠢ ᠪᠤᠳᠠᠳᠠᠢ ᠵᠠᠳᠠᠯᠤᠨ ᠲᠠᠶᠢᠯᠪᠤᠷᠢᠯᠠᠵᠦ ᠤᠯᠠᠨ ᠲᠠᠯ᠎ᠠ ᠶᠢᠨ ᠠᠭᠤᠯᠭ᠎ᠠ ᠪᠠᠷ ᠢᠯᠡᠷᠡᠭᠦᠯᠦᠭᠰᠡᠨ ᠪᠠᠶᠢᠨ᠎ᠠ᠃ ᠡᠭᠦᠨ ᠢᠶᠠᠷ ᠲᠠᠮᠵᠢᠭᠤᠯᠵᠦ᠂ ᠤᠳᠤᠬᠠᠨ ᠤ ᠨᠡᠭᠦᠳᠡᠯ ᠮᠠᠯᠵᠢᠯ ᠤᠨ ᠰᠤᠶᠤᠯ ᠢ ᠲᠦᠷᠭᠡᠨ ᠤᠰᠠᠳᠤᠯ ᠠᠴᠠ ᠠᠪᠤᠷᠠᠬᠤ ᠳᠤ ᠰᠤᠷᠭᠠᠨ ᠬᠦᠮᠦᠵᠢᠯ ᠳᠤ ᠦᠭᠡᠷᠡᠴᠢᠯᠡᠯᠳᠡ ᠬᠢᠵᠦ᠂ ᠭᠠᠵᠠᠷ ᠤᠷᠤᠨ ᠤ ᠰᠤᠶᠤᠯ ᠢ ᠬᠢᠴᠢᠶᠡᠯ ᠤᠨ ᠲᠢᠩᠬᠢᠮ ᠳᠤ ᠤᠷᠤᠭᠤᠯᠪᠠᠯ ᠰᠠᠶ᠋ᠢ ᠬᠤᠷᠢᠭᠯᠠᠯᠳᠠ ᠶᠢᠨ ᠴᠢᠨᠠᠷ ᠲᠠᠢ ᠦᠢᠯᠡᠳᠦᠯ ᠭᠠᠷᠭᠠᠵᠦ ᠴᠢᠳᠠᠨ᠎ᠠ ᠭᠡᠵᠦ ᠦᠵᠡᠭᠰᠡᠨ ᠪᠠᠶᠢᠨ᠎ᠠ᠃      ᠵᠠᠩᠬᠢᠯᠭ᠎ᠠ ᠶᠢᠨ ᠦᠭᠡ᠄ ᠮᠤᠩᠭᠤᠯ ᠭᠡᠷ ᠤᠨ ᠰᠤᠶᠤᠯ᠂ ᠰᠤᠶᠤᠯ ᠤᠨ ᠴᠢᠳᠠᠮᠵᠢ᠂ ᠬᠢᠴᠢᠶᠡᠯ ᠤᠨ ᠲᠢᠩᠬᠢᠮ      ᠡᠬᠡ ᠤᠯᠤᠰ ᠤᠨ ᠤᠮᠠᠷᠠᠳᠤ ᠬᠢᠯᠢ ᠳᠤ ᠪᠠᠶᠢᠷᠢᠯᠠᠵᠦ ᠪᠠᠶᠢᠭ᠎ᠠ ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤ ᠪᠤᠯ 1956 ᠤᠨ ᠳᠤ ᠪᠠᠶᠢᠭᠤᠯᠤᠭᠳᠠᠭᠰᠠᠨ ᠲᠤᠯᠤᠭᠠᠨ ᠲᠦᠮᠨ ᠭᠠᠷᠤᠢ ᠬᠦᠮᠦᠨ ᠠᠮᠠ ᠲᠠᠢ᠂ 4,7 ᠲᠦᠮᠡᠨ ᠲᠡᠭᠰᠢ ᠲᠦᠷᠪᠡᠯᠵᠢᠨ ᠺᠢᠯᠤᠮᠧᠲᠷ ᠨᠤᠲᠤᠭ ᠲᠡᠪᠢᠰᠭᠡᠷ ᠲᠠᠢ᠂ ᠲᠤᠮᠳᠠᠳᠤ ᠮᠤᠩᠭᠤᠯ ᠬᠤᠶᠠᠷ ᠤᠯᠤᠰ ᠤᠨ ᠵᠠᠭᠠᠭ ᠭᠡᠴᠡ ᠪᠤᠯᠬᠤ ᠮᠢᠩᠭᠠᠨ ᠭᠠᠵᠠᠷ ᠤᠨ ᠤᠷᠳᠤ ᠬᠢᠯᠢ ᠶᠢᠨ ᠱᠤᠭᠤᠮ ᠲᠠᠢ᠂  ᠪᠠᠶᠢᠭᠠᠯᠢ ᠶᠢᠨ ᠪᠡᠯᠴᠢᠭᠡᠷ ᠢᠶᠠᠨ ᠠᠰᠢᠭᠯᠠᠭᠰᠠᠨ ᠲᠠᠪᠤᠨ ᠬᠤᠰᠢᠭᠤ ᠮᠠᠯ ᠤᠨ ᠦᠢᠯᠡᠳᠪᠦᠷᠢᠯᠡᠯ ᠡᠵᠡᠩᠨᠡᠯᠳᠡ ᠲᠠᠢ᠂ ᠦᠵᠦᠮᠦᠴᠢᠨ ᠮᠤᠩᠭᠤᠯ ᠠᠶᠢᠮᠠᠭ ᠤᠭᠰᠠᠭᠠᠳᠠᠨ ᠢᠶᠠᠷ ᠭᠤᠤᠯᠯᠠᠭᠰᠠᠨ ᠴᠤᠯ ᠮᠠᠯᠵᠢᠬᠤ ᠬᠢᠯᠢ ᠶᠢᠨ ᠬᠤᠰᠢᠭᠤ ᠪᠤᠯᠤᠨ᠎ᠠ᠃ ᠦᠵᠦᠮᠦᠴᠢᠨ ᠮᠤᠩᠭᠤᠯᠴᠦᠳ ᠬᠡᠳᠦᠨ ᠮᠢᠩᠭᠠᠨ ᠵᠢᠯ ᠤᠨ ᠲᠤᠷᠰᠢ᠂ ᠤᠯᠠᠨ ᠦᠶ᠎ᠡ ᠵᠠᠯᠭᠠᠮᠵᠢ ᠶᠢ ᠦᠩᠭᠡᠷᠡᠭᠡᠬᠦ ᠶᠠᠪᠤᠴᠠ ᠳᠠᠭᠠᠨ ᠠᠩ ᠠᠩᠨᠠᠯ ᠠᠴᠠ ᠮᠠᠯᠵᠢᠯ ᠢ ᠬᠦᠯᠢᠶᠡᠵᠦ᠂ ᠰᠠᠭᠤᠷᠢᠰᠢᠯ ᠮᠠᠯᠵᠢᠯ ᠠᠴᠠ ᠲᠠᠪᠰᠢᠭᠰᠠᠨ ᠨᠡᠭᠦᠳᠡᠯ ᠮᠠᠯᠵᠢᠯ ᠢ ᠴᠤᠭᠴᠠᠯᠠᠨ ᠪᠠᠶᠢᠭᠤᠯᠵᠦ᠂ ᠤᠯᠠᠨ ᠦᠶ᠎ᠡ ᠶᠢᠨ ᠬᠦᠮᠦᠰ ᠤᠨ ᠲᠡᠤᠬᠡᠨ ᠲᠤᠷᠰᠢᠯᠭ᠎ᠠ ᠪᠠᠷ ᠠᠮᠢ ᠠᠬᠤᠢ ᠶᠢᠨ ᠨᠡᠭᠦᠳᠡᠯ ᠮᠠᠯᠵᠢᠯ ᠤᠨ ᠰᠤᠶᠤᠯ ᠢ ᠡᠭᠦᠳᠦᠨ ᠪᠦᠳᠦᠭᠡᠭᠰᠡᠨ ᠶᠤᠮ᠂ ᠦᠵᠦᠮᠦᠴᠢᠨᠴᠦᠳ ᠨᠡᠭᠦᠳᠡᠯ ᠮᠠᠯᠵᠢᠯ ᠤᠨ ᠤᠯᠠᠮᠵᠢᠯᠠᠯᠳᠤ ᠰᠤᠶᠤᠯ ᠢᠶᠠᠨ ᠬᠠᠮᠤᠭ ᠤᠨ ᠪᠦᠷᠢᠨ ᠪᠦᠳᠦᠨ ᠬᠠᠳᠠᠭᠠᠯᠠᠭᠰᠠᠭᠠᠷ ᠢᠷᠡᠭᠰᠡᠨ ᠡᠴᠦᠰ ᠤᠨ ᠨᠢᠭᠡᠨ ᠨᠡᠭᠦᠳᠡᠯ ᠤᠨ ᠴᠤᠪᠤᠭ᠎ᠠ ᠦᠷᠳᠡᠭᠡ ᠪᠠᠶᠢᠭᠰᠠᠨ ᠢᠶᠠᠨ 1983 ᠤᠨ ᠬᠦᠷᠦᠭᠡᠳ ᠪᠦᠬᠦ ᠲᠠᠯ᠎ᠠ ᠪᠠᠷ ᠰᠠᠭᠤᠷᠢᠰᠢᠯ ᠮᠠᠯᠵᠢᠯ ᠵᠦᠭ ᠰᠢᠯᠵᠢᠭᠰᠡᠨ ᠪᠠᠶᠢᠨ᠎ᠠ᠃      ᠨᠡᠭᠦᠳᠡᠯ ᠮᠠᠯᠵᠢᠯ ᠤᠨ ᠰᠤᠶᠤᠯ ᠨᠢ ᠤᠳᠤᠬᠠᠨ ᠤ ᠬᠡᠳᠦ ᠲᠦᠷᠭᠡᠨ ᠬᠦᠭᠵᠢᠯᠳᠡ ᠶᠢᠨ ᠲᠤᠮᠳᠠ ᠮᠠᠰᠢ ᠲᠦᠷᠭᠡᠨ ᠬᠤᠷᠳᠤᠴᠠ ᠪᠠᠷ ᠵᠠᠮᠬᠠᠷᠠᠨ ᠤᠰᠠᠳᠴᠤ ᠪᠠᠶᠢᠭ᠎ᠠ ᠳᠤ ᠰᠠᠨᠠᠭᠠᠰᠢᠷᠠᠵᠦ᠂ ᠤᠳᠤᠬᠢ ᠲᠡᠯᠡᠬᠡᠢ ᠶᠢᠷᠳᠢᠨᠴᠦ ᠨᠢ ᠠᠮᠢ ᠠᠬᠤᠢ ᠶᠢᠨ ᠴᠦᠯᠪᠡᠳ᠋ᠨᠯ ᠪᠠ ᠶᠤᠰᠤ ᠰᠤᠷᠳᠠᠬᠤᠨ ᠤ ᠲᠤᠷᠤᠶᠢᠳᠠᠯ ᠳᠤ ᠤᠴᠠᠷᠠᠵᠦ ᠪᠠᠶᠢᠭ᠎ᠠ ᠪᠠᠴᠢᠮ ᠦᠶ᠎ᠡ ᠳᠤ᠂ ᠲᠦᠴᠢᠨ ᠵᠢᠯ ᠨᠡᠭᠦᠳᠡᠯ ᠮᠠᠯᠵᠢᠯ ᠤᠨ ᠠᠮᠢᠳᠤᠷᠠᠯ ᠢ ᠬᠢᠵᠦ ᠢᠷᠡᠭᠰᠡᠨ ᠠᠬᠠᠮᠠᠳ ᠲᠤᠮᠤᠭᠠᠳᠠᠨ ᠤ ᠬᠤᠪᠢ ᠪᠠᠷ᠂ ᠡᠨᠡ ᠬᠦ ᠦᠷᠭᠡᠨ ᠶᠡᠭᠡ ᠲᠠᠯᠠᠢ ᠰᠤᠶᠤᠯ ᠤᠨ ᠵᠠᠬ᠎ᠠ ᠵᠤᠬ᠎ᠠ ᠠᠴᠠ ᠮᠡᠳᠡᠬᠦ ᠪᠤᠯᠬᠤᠷ ᠨᠡᠭᠦᠳᠡᠯ ᠮᠠᠯᠵᠢᠯ ᠤᠨ ᠰᠤᠶᠤᠯ ᠪᠤᠯ ᠪᠠᠶᠢᠭᠠᠯᠢ ᠠᠮᠢ ᠠᠬᠤᠢ ᠪᠠᠨ ᠠᠰᠢᠭᠯᠠᠬᠤ ᠪᠠ ᠬᠠᠮᠠᠭᠠᠯᠠᠬᠤ ᠳᠤ ᠬᠠᠮᠤᠭ ᠤᠨ ᠪᠦᠳᠦᠮᠵᠢᠳᠡᠢ ᠬᠦᠮᠦᠨ ᠲᠦᠷᠦᠯᠬᠢᠳᠡᠨ ᠤ ᠰᠤᠩᠭᠤᠳᠠᠭ ᠦᠢᠯᠡᠳᠪᠦᠷᠢᠯᠡᠯ ᠤᠨ ᠠᠷᠭ᠎ᠠ ᠬᠡᠯᠪᠡᠷᠢ ᠮᠦᠨ᠂ ᠨᠡᠭᠦᠳᠡᠯ ᠮᠠᠯᠵᠢᠯ ᠤᠨ ᠰᠤᠶᠤᠯ ᠪᠤᠯ ᠲᠡᠷᠡ ᠴᠢᠭ ᠢᠶᠠᠷ ᠢᠶᠠᠨ ᠠᠮᠢ ᠠᠬᠤᠢ ᠶᠢᠨ ᠪᠤᠯᠪᠠᠰᠤᠨ ᠰᠤᠶᠤᠯ ᠮᠦᠷᠳᠡᠭᠡᠨ ᠨᠡᠭᠦᠳᠡᠯᠴᠢᠳ ᠤᠨ ᠬᠦᠮᠦᠨ ᠬᠦᠮᠦᠵᠢᠭᠦᠯᠬᠦ ᠤᠬᠠᠭᠠᠨ ᠪᠠᠶᠢᠭ᠎ᠠ ᠶᠤᠮ᠂ ᠤᠴᠢᠷ ᠨᠢ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠨᠢ ᠮᠠᠰᠢ ᠤᠯᠠᠨ ᠡᠯᠪᠡᠭ ᠪᠠᠶᠠᠯᠢᠭ ᠬᠦᠮᠦᠨ ᠬᠦᠮᠦᠵᠢᠭᠦᠯᠬᠦ ᠲᠡᠭᠡᠳᠦ ᠲᠠᠰ ᠤᠨ ᠡᠯᠧᠮᠧᠨ᠋ᠲ ᠤᠳ ᠠᠭᠤᠯᠠᠭᠳᠠᠵᠦ ᠪᠠᠶᠢᠬᠤ ᠲᠤᠬᠠᠢ ᠦᠵᠡᠯᠳᠡ ᠪᠠᠨ  ᠶᠠᠷᠢᠰᠤᠭᠠᠢ᠄      ᠨᠡᠭᠦᠳᠡᠯ ᠮᠠᠯᠵᠢᠯ ᠤᠨ ᠰᠤᠶᠤᠯ ᠨᠢ ᠲᠡᠩᠳᠡᠭᠦᠤ ᠠᠭᠤᠤ ᠲᠡᠯᠭᠡᠷ ᠪᠤᠯᠬᠤᠷ ᠠᠳᠡ ᠪᠢ ᠵᠦᠪᠬᠡᠨ ᠮᠤᠩᠭᠤᠯ ᠭᠡᠷ ᠤᠨ ᠰᠤᠶᠤᠯ ᠤᠨ ᠲᠤᠳᠤᠷᠠᠬᠢ ᠭᠡᠷ ᠪᠦᠯᠢ ᠶᠢᠨ ᠬᠦᠮᠦᠵᠢᠯ ᠤᠨ ᠲᠠᠯ᠎ᠠ ᠪᠠᠷ ᠲᠡᠯᠭᠡᠵᠦ᠂ ᠬᠡᠤᠬᠡᠳ ᠢ ᠬᠠᠷᠠᠬᠠᠨ ᠪᠠᠭ᠎ᠠ ᠠᠴᠠ ᠨᠢ ᠬᠡᠷᠬᠢᠨ ᠬᠦᠮᠦᠵᠢᠭᠦᠯᠳᠡᠭ ᠠᠶᠠᠨᠳᠠᠭᠠᠨ ᠤ ᠤᠯᠠᠮᠵᠢᠯᠠᠯᠳᠤ ᠠᠷᠭ᠎ᠠ ᠬᠡᠯᠪᠡᠷᠢ ᠠᠴᠠ ᠲᠤᠭᠠᠴᠠᠵᠦ᠂ ᠤᠳᠤᠬᠢ ᠰᠤᠷᠭᠠᠨ ᠬᠦᠮᠦᠵᠢᠯ ᠤᠨ ᠬᠦᠷᠦᠯᠴᠡᠬᠦ ᠦᠭᠡᠢ ᠲᠠᠯ᠎ᠠ ᠶᠢ ᠨᠦᠭᠦᠪᠦᠷᠢᠯᠡᠨ ᠰᠠᠶᠢᠵᠢᠷᠠᠭᠤᠯᠵᠦ᠂ ᠠᠮᠢᠳᠤᠷᠠᠯ ᠳᠤ ᠬᠠᠮᠤᠭ ᠠᠴᠠ ᠤᠶᠢᠷᠬᠠᠨ ᠭᠠᠵᠠᠷ ᠤᠷᠤᠨ ᠤ ᠰᠤᠶᠤᠯ ᠤᠨ ᠠᠭᠤᠯᠭ᠎ᠠ ᠢᠶᠠᠷ ᠰᠤᠷᠭᠠᠨ ᠬᠦᠮᠦᠵᠢᠯ ᠢ ᠤᠯᠠᠮ ᠪᠠᠶᠠᠯᠢᠭᠵᠢᠭᠤᠯᠪᠠᠯ ᠵᠤᠬᠢᠨ᠎ᠡ ᠭᠡᠵᠦ ᠦᠵᠡᠨ᠎ᠡ᠃ ᠲᠡᠭᠡᠪᠡᠯ ᠮᠤᠩᠭᠤᠯ ᠭᠡᠷ ᠤᠨ ᠬᠦᠮᠦᠵᠢᠯ ᠭᠡᠵᠦ ᠶᠠᠭᠤ ᠪᠤᠢ︖ ᠭᠡᠪᠡᠯ ᠮᠠᠯᠴᠢᠳ ᠤᠨ ᠭᠡᠷ ᠪᠦᠯᠢ ᠪᠠᠷ ᠢᠶᠠᠨ ᠠᠵᠦ ᠲᠦᠷᠦᠨ ᠤᠷᠤᠨᠰᠢᠨ ᠲᠤᠭᠳᠠᠨᠢᠵᠦ᠂ ᠬᠦᠮᠦᠵᠢᠨ ᠪᠤᠶᠢᠵᠢᠳᠠᠭ ᠪᠦᠬᠦᠢ ᠠᠮᠢᠳᠤᠷᠠᠯ ᠤᠨ ᠵᠢᠵᠢᠭ ᠤᠷᠴᠢᠨ ᠲᠤᠭᠤᠷᠢᠨ ᠳᠤ ᠶᠠᠪᠤᠭᠳᠠᠬᠤ ᠦᠢᠯᠡ ᠬᠦᠳᠡᠯᠭᠡᠭᠡᠨ ᠢ ᠬᠡᠯᠡᠨ᠎ᠡ᠃               ᠨᠢᠭᠡ᠂  ᠦᠯᠵᠡᠶᠢᠳᠦ ᠨᠡᠭᠦᠳᠡᠯ ᠤᠨ ᠦᠵᠦᠮᠦᠴᠢᠨ      ⒈ ᠦᠵᠦᠮᠦᠴᠢᠨ ᠨᠡᠭᠦᠳᠡᠯ ᠤᠨ ᠲᠤᠮᠤᠭ᠄      ᠡᠷᠳᠡ ᠴᠠᠭ ᠲᠤ ᠨᠢᠭᠡ ᠮᠤᠩᠭᠤᠯ ᠠᠶᠢᠯ ᠬᠡᠵᠢᠶᠡᠳᠡ ᠨᠡᠭᠦᠳᠡᠭ ᠪᠠᠶᠢᠵᠦ ᠭᠡᠨ᠎ᠡ᠃ ᠨᠢᠭᠡᠨ ᠤᠳᠠᠭ᠎ᠠ ᠲᠦᠩᠭᠡᠵᠢ ᠪᠠᠭᠤᠭᠠᠳ ᠭᠡᠷ ᠢᠶᠠᠨ ᠪᠠᠷᠢᠵᠦ ᠪᠠᠶᠢᠬᠤᠢ ᠳᠤ ᠪᠢᠴᠢᠬᠠᠨ ᠬᠦᠤ ᠨᠢ ᠭᠦᠶᠦᠵᠦ ᠢᠷᠡᠭᠡᠳ ᠡᠵᠢ ᠠᠴᠠ ᠪᠠᠨ᠄ ︽ᠮᠠᠨ ᠤ ᠬᠢᠨ ᠶᠠᠭᠠᠬᠢᠬᠤ ᠳᠠᠭᠠᠨ ᠦᠷᠭᠦᠯᠵᠢ ᠨᠡᠬᠦᠵᠦ ᠰᠢᠯᠵᠢᠭᠡᠳ ᠪᠠᠶᠢᠳᠠᠭ ᠪᠤᠢ︖︾ ᠭᠡᠵᠦ ᠠᠰᠠᠭᠤᠭᠰᠠᠨ ᠳᠤ᠄ ︽ᠪᠢᠳᠡ ᠨᠢᠭᠡ ᠯᠡ ᠤᠷᠤᠨ ᠳᠤ ᠰᠠᠭᠤᠷᠢᠰᠢᠭᠠᠳ ᠨᠡᠬᠦᠬᠦ ᠦᠭᠡᠢ ᠪᠤᠯ ᠭᠠᠵᠠᠷ ᠡᠵᠢ ᠶᠢᠨ ᠪᠡᠶ᠎ᠡ ᠰᠢᠷᠬᠠᠯᠠᠨ ᠡᠪᠡᠳᠦᠨ᠎ᠡ᠂ ᠪᠢᠳᠡ ᠦᠷᠭᠦᠯᠵᠢ ᠨᠡᠭᠦᠵᠦ ᠪᠠᠭᠤᠭᠠᠳ ᠪᠠᠶᠢᠪᠠᠯ ᠭᠠᠵᠠᠷ ᠡᠬᠡ ᠶᠢᠨ ᠴᠢᠰᠦᠨ ᠰᠤᠳᠠᠯ ᠨᠢ ᠨᠡᠪᠳᠡᠷᠡᠵᠦ᠂ ᠬᠡᠵᠢᠶᠡᠳᠡ ᠵᠠᠯᠠᠭᠤ ᠭᠤᠶᠤᠮᠰᠤᠭ ᠢᠶᠠᠷ ᠢᠶᠠᠨ ᠪᠠᠶᠢᠳᠠᠭ ᠰᠢᠤ ᠬᠦᠤ ᠮᠢᠨᠢ᠂ ᠴᠢ ᠡᠵᠢ ᠶᠢᠨ ᠢᠶᠠᠨ ᠨᠢᠷᠤᠭᠤ ᠵᠤ ᠶᠢ ᠢᠯᠢᠵᠦ ᠨᠤᠬᠤᠯᠤᠭᠠᠳ ᠦᠭᠭᠦᠪᠡᠯ ᠡᠵᠢ ᠶᠢᠨ ᠬᠢᠨᠢ ᠪᠡᠶ᠎ᠡ ᠠᠶᠠᠳᠠᠢ ᠪᠤᠯᠵᠦ ᠠᠮᠤᠷᠵᠢᠳᠠᠭ ᠲᠠᠢ ᠠᠳᠠᠯᠢ ᠰᠢᠳᠠ᠂ ᠬᠡᠷᠪᠡ ᠴᠢ ᠨᠢᠭᠡ ᠯᠡ ᠭᠠᠵᠠᠷ ᠰᠢᠭᠠᠵᠦ ᠨᠤᠳᠤᠷᠠᠭᠠᠳ ᠪᠠᠶᠢᠪᠠᠯ ᠡᠵᠢ ᠶᠢᠨ ᠬᠢᠨᠢ ᠪᠡᠶ᠎ᠡ ᠲᠠᠭᠠᠳᠠᠢ ᠪᠠᠶᠢᠵᠦ ᠴᠢᠳᠠᠨ᠎ᠠ ᠤᠤ︕︾ ᠭᠡᠰᠡᠨ ᠳᠤ ᠪᠢᠴᠢᠬᠠᠨ ᠬᠦᠤ ᠴᠤ ᠨᠢᠳᠦ ᠲᠤᠷᠮᠤᠯᠵᠠᠭᠤᠯᠤᠨ ᠲᠤᠯᠤᠭᠠᠢ ᠲᠤᠬᠢᠨ ᠤᠬᠠᠮᠰᠠᠷᠯᠠᠭᠰᠠᠨ ᠪᠠᠶᠢᠵᠠᠢ᠃ ᠪᠠᠰᠠ ᠨᠢᠭᠡᠨ ᠤᠳᠠᠭ᠎ᠠ᠂ ᠠᠪᠤ ᠨᠢ ᠨᠡᠭᠦᠬᠦ ᠪᠠᠷ ᠪᠡᠯᠡᠳᠭᠡᠵᠦ ᠲᠡᠷᠭᠡ ᠪᠠᠨ ᠰᠡᠯᠪᠢᠳᠡᠭ ᠶᠤᠮ ᠪᠠᠶᠢᠨ᠎ᠠ᠂ ᠪᠢᠴᠢᠬᠠᠨ ᠬᠦᠤ ᠮᠦᠨ ᠭᠦᠶᠦᠵᠦ ᠢᠷᠡᠭᠡᠳ ᠠᠪᠤ ᠠᠴᠠ ᠪᠠᠨ᠄ ︽ᠠᠪᠤ ᠶᠠᠭᠠᠬᠢᠬᠤ ᠳᠠᠭᠠᠨ ᠦᠷᠭᠦᠯᠵᠢ ᠲᠡᠷᠭᠡ ᠪᠠᠨ ᠱᠠᠭᠠᠨᠴᠠᠭᠯᠠᠭᠠᠳ ᠪᠠᠶᠢᠳᠠᠭ ᠪᠤᠢ︖︾ ᠭᠡᠬᠦ ᠳᠤ᠄ ︽ᠪᠢᠳᠡ ᠦᠷᠭᠦᠯᠵᠢ ᠲᠡᠷᠭᠡ ᠪᠠᠨ ᠵᠠᠰᠠᠬᠤ ᠦᠭᠡᠢ ᠪᠤᠯ ᠶᠠᠭᠠᠬᠢᠵᠦ ᠨᠡᠭᠦᠬᠦ ᠶᠤᠮ ᠳ᠋ᠠ︖ ᠨᠡᠭᠦᠬᠦ ᠦᠭᠡᠢ ᠪᠤᠯ ᠭᠠᠵᠠᠷ ᠡᠬᠡ ᠶᠢᠨ ᠨᠤᠭᠤᠭᠠᠨ ᠲᠤᠷᠭᠠᠨ ᠲᠡᠪᠡᠯ ᠨᠢ ᠤᠷᠠᠭᠳᠠᠴᠢᠬᠠᠨ᠎ᠠ ᠰᠢᠤ᠂ ᠡᠵᠢ ᠴᠢᠨᠢ ᠡᠮᠦᠰᠬᠦ ᠬᠤᠪᠴᠠᠰᠤ ᠦᠭᠡᠢ ᠱᠠᠯᠳᠠᠩ ᠨᠢᠴᠦᠬᠦᠨ ᠶᠠᠪᠤᠪᠠᠯ ᠬᠦᠮᠦᠰ ᠶᠠᠭᠤ ᠭᠡᠵᠦ ᠡᠯᠡᠭᠯᠡᠬᠦ ᠪᠢᠯᠡ︖ ᠡᠶᠢᠮᠦ ᠠᠴᠠ ᠡᠪᠦᠭᠡ ᠲᠡᠭᠡᠳᠦᠰ ᠠᠴᠠ ︿ᠰᠠᠭᠤᠵᠦ ᠨᠤᠲᠤᠭ ᠢᠶᠠᠨ ᠤᠯᠠᠶᠢᠯᠭᠠᠬᠤ ᠪᠠᠷ ᠨᠡᠭᠦᠵᠦ ᠵᠠᠮ ᠢᠶᠠᠨ ᠤᠯᠠᠶᠢᠯᠭ᠎ᠠ﹀ ᠭᠡᠵᠦ ᠠᠯᠳᠠᠨ ᠰᠤᠷᠭᠠᠯ ᠬᠠᠶᠢᠷᠠᠯᠠᠭᠰᠠᠨ ᠶᠤᠮ᠂ ᠬᠦᠤ ᠮᠢᠨᠤ ᠬᠡᠵᠢᠶᠡᠳᠡ ᠲᠡᠷᠭᠡ ᠪᠠᠨ ᠰᠡᠯᠪᠢᠨ ᠵᠠᠰᠠᠵᠦ ᠢᠮᠠᠭᠳᠠ ᠨᠡᠭᠦᠵᠦ ᠭᠠᠵᠠᠷ ᠡᠵᠢ ᠪᠠᠨ ᠬᠠᠶᠢᠷᠠᠯᠠᠵᠦ ᠶᠠᠪᠤᠬᠤ ᠶᠤᠮ ᠰᠢᠤ︕ ᠢᠩᠭᠢᠪᠡᠯ ᠲᠡᠭᠷᠢ ᠭᠠᠵᠠᠷ ᠲᠠᠨᠠᠷ ᠢ ᠭᠡᠵᠢᠶᠡᠳᠡ ᠢᠪᠡᠭᠡᠨ ᠲᠡᠳᠬᠦᠬᠦ ᠶᠤᠮ ᠡ︕︾ ᠭᠡᠰᠡᠨ ᠪᠠᠶᠢᠪᠠ᠃          ⒉  ᠪᠠᠳᠮᠠᠳᠤ ᠲᠤᠭᠤᠨᠤ ᠶᠢᠨ ᠭᠡᠯᠬᠢᠶ᠎ᠡ      ᠨᠡᠭᠦᠳᠡᠯᠴᠢᠨ ᠠᠶᠢᠯ ᠳᠤ ᠲᠡᠭᠦᠨ ᠳᠡᠭᠡᠨ ᠲᠤᠬᠢᠷᠠᠭᠰᠠᠨ ᠭᠡᠷ ᠤᠷᠤᠨ ᠰᠠᠭᠤᠴᠠ᠂ ᠤᠨᠤᠯᠭ᠎ᠠ ᠬᠦᠯᠪᠦᠷᠢ᠂ ᠲᠠᠪᠤᠨ ᠬᠤᠰᠢᠭᠤ ᠮᠠᠯ᠂ ᠲᠦᠷᠪᠡᠨ ᠤᠯᠠᠷᠢᠯ ᠤᠨ ᠪᠡᠯᠴᠢᠭᠡᠷ ᠤᠰᠤᠨ ᠪᠤᠯ ᠦᠨᠳᠦᠰᠦᠨ ᠨᠦᠬᠦᠴᠡᠯ ᠪᠤᠯᠵᠦ ᠪᠠᠶᠢᠳᠠᠭ᠃ ᠮᠤᠩᠭᠤᠯ ᠭᠡᠷ ᠪᠤᠯ ᠮᠤᠳᠤ᠂ ᠢᠰᠡᠭᠡᠢ ᠪᠠᠷ ᠭᠤᠤᠯ ᠪᠦᠳᠦᠴᠡ ᠪᠤᠯᠭᠠᠭᠰᠠᠨ ᠲᠦᠭᠦᠷᠢᠭ ᠬᠡᠯᠪᠡᠷᠢᠳᠡᠢ᠂ ᠠᠴᠢᠵᠦ ᠲᠡᠭᠡᠬᠦ ᠳᠤ ᠬᠦᠩᠭᠡᠨ᠂ ᠪᠠᠷᠢᠵᠦ ᠪᠤᠰᠬᠠᠬᠤ ᠳᠤ ᠠᠮᠠᠷᠬᠠᠨ ᠪᠠᠶᠢᠳᠠᠭ ᠢᠶᠠᠷ ᠤᠨᠴᠠᠯᠢᠭ ᠲᠠᠢ᠂ ᠭᠡᠷ ᠤᠨ ᠮᠤᠳᠤᠨ ᠪᠦᠳᠦᠴᠠ ᠳᠤ ᠲᠤᠭᠤᠨᠤ᠂ ᠤᠨᠢ᠂ ᠬᠠᠨ᠎ᠠ᠂ ᠬᠠᠭᠠᠯᠭ᠎ᠠ ᠪᠠᠶᠢᠵᠦ᠂ ᠢᠰᠡᠭᠡᠢ ᠪᠦᠷᠢᠶᠠᠰᠦ ᠪᠠ ᠤᠭᠤᠰᠤᠷ ᠲᠤ ᠴᠠᠷᠪᠠᠭ᠂ ᠲᠤᠭᠤᠷᠭ᠎ᠠ᠂ ᠲᠡᠭᠡᠪᠦᠷ᠂ ᠭᠦᠯᠳᠦᠷᠭᠡ᠂ ᠡᠷᠦᠬᠡ᠂ ᠠᠮᠢ ᠤᠯᠤᠩ᠂ ᠭᠠᠳᠠᠷ ᠤᠯᠤᠩ ᠵᠡᠷᠭᠡ ᠪᠠᠷ ᠪᠦᠷᠢᠯᠳᠦᠨ᠎ᠡ᠃ ᠲᠤᠭᠤᠨᠤ ᠪᠠᠷ ᠨᠢ ᠠᠯᠳᠠᠨ ᠨᠠᠷᠠᠨ ᠤ ᠲᠤᠶᠠᠭ᠎ᠠ ᠭᠡᠶᠢᠭᠦᠯᠵᠦ ᠭᠡᠷ ᠲᠤᠲᠤᠷ᠎ᠠ ᠰᠠᠷᠠᠭᠤᠯᠬᠠᠨ ᠬᠠᠷᠠᠭᠳᠠᠨ᠎ᠠ᠂ ᠭᠡᠷ ᠲᠤᠲᠤᠷᠠᠬᠢ ᠲᠡᠪᠢᠰᠭᠡᠷ ᠡᠳ᠋ᠯᠡᠯ ᠳᠤ ᠲᠤᠭᠤᠷᠢᠭᠤᠯᠭ᠎ᠠ᠂ ᠦᠩᠭᠡ ᠰᠢᠷᠳᠡᠭ᠂ ᠭᠡᠪᠢᠰ᠂ ᠬᠠᠶᠠᠭ᠎ᠠ ᠰᠢᠷᠳᠡᠭ᠂ ᠠᠮᠠ ᠰᠢᠷᠳᠡᠭ ᠢ ᠲᠡᠪᠢᠰᠴᠦ᠂ ᠬᠤᠨᠤᠵᠦ ᠰᠠᠭᠤᠬᠤ ᠳᠤ ᠨᠡᠩ ᠲᠠᠭᠠᠭᠯᠠᠮᠵᠢᠳᠠᠢ ᠪᠤᠯᠭᠠᠨ᠎ᠠ᠃ ᠰᠢᠳᠦᠭᠡᠨ ᠤ ᠵᠦᠢᠯᠡᠰ ᠲᠤ᠂ ᠦᠷᠦᠭᠡᠨ ᠤ ᠬᠤᠶᠢᠮᠤᠷ ᠳᠤ ᠠᠮᠠ ᠠᠪᠳᠠᠷ᠎ᠠ ᠲᠠᠯᠪᠢᠵᠦ ᠲᠡᠭᠡᠷ᠎ᠡ  ᠨᠢ ᠪᠤᠷᠬᠠᠨ ᠢᠶᠠᠨ ᠵᠠᠯᠠᠨ᠎ᠠ᠂ ᠪᠤᠷᠬᠠᠨ ᠰᠢᠷᠡᠭᠡᠨ ᠤ ᠪᠠᠷᠠᠭᠤᠨ ᠲᠠᠯ᠎ᠠ ᠳᠤ ᠰᠢᠷᠡᠭᠡ ᠲᠠᠯᠪᠢᠵᠦ ᠤᠩᠭᠤᠨ ᠲᠤᠯᠭ᠎ᠠ ᠪᠠᠨ ᠲᠠᠯᠪᠢᠨ᠎ᠠ᠂ ᠭᠠᠯ ᠲᠤᠭᠤᠭᠠᠨ ᠤ ᠬᠡᠷᠡᠭᠰᠡᠯ ᠤᠨ ᠬᠤᠷᠭᠤ ᠶᠢ ᠭᠡᠷ ᠲᠤᠲᠤᠷ᠎ᠠ ᠵᠡᠭᠦᠨ ᠲᠠᠯ᠎ᠠ ᠳᠤ ᠪᠠᠶᠢᠷᠢᠯᠠᠭᠤᠯᠳᠠᠭ᠂ ᠡᠭᠦᠨ ᠳᠤ ᠡᠷᠭᠦᠯᠭᠡ᠂ ᠲᠠᠮᠵᠢᠭᠤᠷᠭ᠎ᠠ᠂ ᠠᠶᠠᠭᠠᠨ ᠬᠤᠷᠭᠤ ᠵᠡᠷᠭᠡ ᠪᠤᠢ᠂ ᠡᠷᠭᠦᠯᠭᠡ ᠲᠡᠭᠡᠷ᠎ᠡ ᠲᠤᠭᠤᠭ᠎ᠠ᠂ ᠰᠠᠪᠠ ᠰᠠᠭᠤᠯᠭ᠎ᠠ ᠵᠡᠷᠭᠡ ᠶᠢ ᠦᠷᠦᠵᠦ᠂ ᠲᠠᠮᠵᠢᠭᠤᠷᠭ᠎ᠠ ᠲᠡᠭᠡᠷ᠎ᠡ ᠨᠤᠴᠤᠭᠠᠯᠭ᠎ᠠ ᠶᠢᠨ ᠵᠦᠢᠯᠳᠡ᠂ ᠠᠶᠠᠭᠠᠨ ᠤ ᠠᠯᠴᠢᠭᠤᠷ ᠵᠡᠷᠭᠡ ᠭᠠᠷ ᠲᠤᠤᠷ᠎ᠠ ᠵᠠᠷᠤᠬᠤ ᠶᠠᠭᠤᠮᠠᠰ ᠢ ᠲᠠᠯᠪᠢᠵᠦ᠂ ᠠᠶᠠᠭᠠᠨ ᠬᠤᠷᠭᠤ ᠳᠤ ᠠᠶᠠᠭ᠎ᠠ ᠰᠠᠪᠠᠬ᠎ᠠ ᠪᠠᠨ ᠬᠢᠨ᠎ᠡ᠃      ᠡᠷᠡᠭᠳᠡᠶᠢᠴᠦᠳ ᠨᠢ ᠮᠠᠯ ᠰᠦᠷᠦᠭ ᠬᠠᠷᠢᠭᠤᠯᠬᠤ ᠠᠴᠠ ᠭᠡᠷ ᠤᠨ ᠭᠠᠳᠠᠨᠠᠬᠢ ᠠᠵᠢᠯ ᠶᠠᠪᠤᠳᠠᠯ ᠢ ᠭᠦᠢᠴᠳᠭᠡᠨ᠎ᠡ᠂ ᠡᠮᠡᠭᠳᠡᠶᠢᠴᠦᠳ ᠨᠢ ᠰᠦ ᠰᠠᠭᠠᠯᠢ ᠠᠴᠠ ᠡᠬᠢᠯᠡᠭᠡᠳ ᠭᠡᠷ ᠲᠤᠲᠤᠷᠠᠬᠢ ᠠᠵᠦ ᠦᠢᠯᠡ ᠶᠢ ᠠᠮᠵᠢᠭᠤᠯᠤᠨ᠎ᠠ᠃ ᠠᠷᠭᠠᠯ ᠲᠡᠭᠦᠬᠦ ᠪᠤᠯ ᠠᠮᠢᠳᠤᠷᠠᠯ ᠤᠨ ᠲᠤᠳᠠᠭᠳᠠᠵᠦ ᠪᠤᠯᠤᠰᠢ ᠬᠢᠳᠡᠯ᠂ ᠨᠢᠭᠡ ᠤᠳᠠᠭ᠎ᠠ ᠪᠢ᠂ ᠠᠷᠤᠭ ᠢᠶᠠᠨ ᠡᠭᠦᠷᠴᠦ ᠠᠷᠭᠠᠯ ᠢᠶᠠᠨ ᠲᠡᠭᠦᠵᠦ ᠲᠦᠭᠦᠷᠭᠡᠭᠰᠡᠨ ᠡᠵᠢ ᠪᠠᠨ ᠦᠵᠡᠭᠡᠳ ᠲᠤᠰᠴᠤ ᠬᠦᠷᠬᠦ ᠳᠤ᠂ ︽ᠰᠡᠭᠡᠮᠡᠬᠡᠢ ᠪᠠᠨ ᠡᠭᠦᠷᠴᠦ ᠰᠡᠷᠳᠡᠩ ᠢᠶᠠᠨ ᠲᠠᠭᠠᠭᠤᠯᠤᠭᠠᠳ ᠲᠠᠯ᠎ᠠ ᠶᠢᠨ ᠠᠳᠤᠭᠤ ᠶᠢ ᠲᠠᠰᠤ ᠬᠤᠷᠢᠶᠠᠨ᠎ᠠ᠂ ᠲᠡᠷᠡ ᠶᠠᠭᠤ ᠪᠤᠢ︖︾ ᠭᠡᠵᠦ ᠦᠪᠡᠷ ᠤᠨ ᠬᠢᠵᠦ ᠪᠠᠶᠢᠭ᠎ᠠ ᠪᠠᠨ ᠤᠨᠢᠰᠤᠭᠴᠢᠯᠠᠨ ᠠᠰᠠᠭᠤᠬᠤ ᠳᠤ ᠪᠢ ᠰᠢᠭᠤᠳ᠄ ︽ᠠᠷᠭᠠᠯ ᠲᠡᠭᠦᠬᠦ ᠰᠢᠳᠡ︕︾ ᠭᠡᠵᠦ ᠬᠠᠷᠢᠭᠤᠯᠬᠤ ᠳᠤ᠄ ︽ᠬᠦ᠋᠂ ᠮᠢᠨᠤ ᠬᠦᠤ ᠴᠢᠨᠢ ᠴᠡᠭᠡᠵᠢ ᠲᠠᠢ ᠪᠠᠶᠢᠨ᠎ᠠ ᠰᠢᠤ︕︾ ᠭᠡᠵᠦ ᠵᠤᠷᠢᠭᠵᠢᠭᠤᠯᠬᠤ ᠳᠤ ᠪᠢ ᠴᠤ ᠮᠠᠭᠳᠠᠭᠠᠯ ᠤᠯᠤᠭᠰᠠᠨ ᠳᠠᠭᠠᠨ ᠪᠠᠶᠠᠰᠤᠨ᠎ᠡ᠃ ᠠᠷᠭᠠᠯ ᠤᠨ ᠴᠡᠩᠭᠡᠷ ᠤᠳᠤᠭ᠎ᠠ ᠲᠤᠭᠤᠨᠤ ᠪᠠᠷ ᠪᠤᠷᠭᠢᠯᠠᠬᠤ ᠳᠤ ᠡᠵᠢ ᠮᠢᠨᠢ ᠬᠤᠭᠤᠯᠠ ᠴᠠᠢ ᠪᠠᠨ ᠬᠢᠬᠦ᠂ ᠬᠡᠤᠬᠡᠳ ᠰᠢᠤᠬᠠᠳ ᠤᠨ ᠢᠶᠠᠨ ᠭᠦᠢᠳᠡᠨ ᠨᠤᠶᠢᠳᠡᠨ ᠢ ᠲᠤᠯᠠᠭᠠᠯᠠᠨ᠎ᠠ᠂ ᠦᠨᠡᠰᠦ ᠬᠤᠭ ᠢᠶᠠᠨ ᠬᠠᠶᠠᠵᠦ ᠭᠡᠷ ᠲᠡᠷᠬᠡ ᠪᠠᠨ ᠴᠡᠪᠡᠷᠯᠡᠵᠦ ᠵᠠᠪᠳᠤᠭᠤᠯᠤᠨ᠎ᠠ᠃      ᠵᠤᠰᠠᠯᠠᠩ ᠤᠨ ᠲᠡᠨᠵᠢᠨ ᠳᠤ ᠪᠠᠭᠤᠭᠰᠠᠭᠠᠷ ᠤᠰᠤ ᠲᠡᠭᠡᠭᠡᠬᠦ ᠶᠠᠪᠤᠳᠠᠯ ᠦᠨᠵᠢᠭᠦᠳᠡ ᠬᠤᠨᠤᠭᠤᠳᠠ ᠳᠤ ᠶᠠᠪᠤᠭᠳᠠᠨ᠎ᠠ᠂ ᠡᠬᠡᠴᠢ ᠨᠠᠷ ᠠᠴᠠ ᠨᠤᠮᠤᠬᠠᠨ ᠲᠠᠷᠯᠠᠨ ᠪᠤᠶᠤ ᠬᠠᠷ᠎ᠠ ᠦᠬᠡᠷ ᠤᠳ ᠢᠶᠠᠨ ᠬᠦᠯᠦᠭᠡᠳ ᠡᠷᠳᠡᠨᠢ ᠭᠤᠤᠯ ᠠᠴᠠ ᠤᠰᠤ ᠲᠡᠭᠡᠭᠡᠬᠦ ᠪᠠᠷ ᠶᠠᠪᠤᠬᠤ ᠳᠤ ᠪᠠᠮᠪᠠᠷ ᠭᠡᠭᠴᠢ ᠬᠠᠯᠳᠠᠷ ᠨᠤᠬᠠᠢ ᠪᠠ ᠵᠢᠷᠬᠢᠭᠡ ᠭᠡᠭᠴᠢ ᠰᠢᠷ᠎ᠠ ᠬᠢᠴᠢᠢ ᠨᠢ ᠰᠡᠭᠦᠯ ᠴᠠᠭᠠᠷᠢᠭᠯᠠᠭᠤᠯᠤᠭᠰᠠᠨ ᠲᠠᠭᠠᠯᠳᠤᠵᠦ ᠡᠭᠦᠨ ᠢ ᠨᠢ ᠦᠨᠦᠷᠯᠡᠨ ᠲᠡᠭᠦᠨ ᠢ ᠨᠢ ᠰᠢᠩᠰᠢᠯᠡᠨ ᠭᠦᠶᠦᠯᠳᠦᠨ ᠪᠠᠶᠢᠳᠠᠭ᠃ ᠴᠡᠩᠭᠡᠷ ᠶᠠᠭᠠᠨ ᠠᠯᠴᠢᠭᠤᠷ ᠢᠶᠠᠨ ᠬᠡᠶᠢᠰᠭᠡᠭᠰᠡᠨ ᠬᠡᠤᠬᠡᠨᠴᠦᠳ ︽ᠦᠷ ᠤᠨ ᠴᠤᠯᠮᠤᠨ ᠨᠢ ᠵᠡᠭᠦᠨ ᠲᠡᠭᠡᠷ᠎ᠡ ᠪᠠᠨ ᠭᠢᠯᠠᠯᠵᠠᠨ᠎ᠠ ᠭᠦ᠋  ᠁  ︾ ᠭᠡᠵᠦ ᠬᠠᠩᠭᠢᠨᠠᠳᠠᠯ᠎ᠠ ᠲᠠᠭᠤᠯᠠᠬᠤ ᠳᠤ ᠨᠤᠮᠤᠬᠠᠨ ᠱᠠᠷ ᠤᠨ ᠠᠯᠬᠤᠭ᠎ᠠ ᠭᠠᠩ ᠲᠠᠢ ᠤᠰᠤᠨ ᠤ ᠴᠠᠯᠭᠢᠶ᠎ᠡ ᠬᠦᠭ ᠨᠡᠶᠢᠯᠡᠨ ᠠᠶᠢᠵᠠᠮᠳᠠᠨ᠎ᠠ᠃ ᠭᠡᠷ ᠲᠤ ᠤᠷᠤᠪᠠᠯ ᠤᠶᠤᠳᠠᠯ ᠪᠠᠷᠢᠴᠢᠭᠰᠠᠨ ᠭᠠᠷ ᠤᠨ ᠤᠷᠠᠨ ᠢᠶᠠᠨ ᠭᠠᠶᠢᠬᠠᠭᠤᠯᠤᠨ᠎ᠠ᠃ ᠭᠡᠷ ᠲᠤᠲᠤᠷ᠎ᠠ ᠪᠡᠷᠠᠭᠤᠨ ᠡᠮᠦᠨ᠎ᠡ ᠬᠦᠭᠰᠢᠨ ᠡᠵᠢ ᠮᠦᠩᠭᠦᠨ ᠪᠤᠭᠤᠷᠤᠯ ᠦᠰᠦ ᠪᠠᠨ ᠢᠯᠪᠢᠭᠰᠡᠨ ᠢᠶᠠᠨ ᠪᠠᠰᠠ ᠡᠭᠡᠷᠦᠯ ᠪᠠᠷᠢᠭᠰᠠᠨ ᠲᠡᠮᠡᠭᠡᠨ ᠤᠩᠭᠠᠰᠤ ᠡᠭᠡᠷᠡᠨ ᠰᠠᠭᠤᠨ᠎ᠠ᠄ ︽ᠬᠢᠯᠭᠠᠰᠤ ᠤᠷᠠᠬᠤ ᠠᠵᠢᠯ ᠢ ᠬᠡᠤᠬᠡᠳ ᠤᠳ ᠢᠶᠠᠷ ᠬᠢᠯᠬᠢ᠂ ᠮᠠᠷᠭᠠᠰᠢ ᠠᠴᠠ ᠪᠢ ᠬᠠᠨ᠎ᠠ ᠶᠢᠨ ᠤᠶᠠᠭ᠎ᠠ᠂ ᠤᠨᠢᠨ ᠤ ᠰᠡᠭᠡᠯᠳᠡᠷᠭᠡ ᠪᠠᠰᠠ ᠬᠡᠳᠦᠨ ᠲᠤᠭᠤᠯ ᠤᠨ ᠭᠦᠵᠦᠭᠦᠪᠴᠢ ᠲᠠᠮᠤᠶ᠎ᠠ ᠳ᠋ᠠ︾ ᠭᠡᠵᠦ ᠪᠠᠷᠢ ᠵᠦᠭ ᠢᠶᠠᠨ ᠬᠡᠯᠡᠨ᠎ᠡ᠂ ᠪᠠᠷᠢ᠄ ︽ᠵᠠ ᠲᠡᠭᠡ ᠡ᠂ ᠮᠠᠨ ᠤ ᠡᠵᠢ ᠵᠦᠭᠡᠷ ᠰᠠᠭᠤᠬᠤ ᠦᠭᠡᠢ ᠶᠤᠮ ᠡ︾ ᠭᠡᠵᠦ ᠭᠡᠷ ᠤᠨ ᠵᠡᠭᠦᠨ ᠬᠤᠶᠢᠨ᠎ᠡ ᠠᠭᠠᠷᠴᠠ ᠪᠠᠷᠢᠨ ᠰᠢᠮᠳᠠᠨ᠎ᠠ᠃ ᠭᠡᠷ ᠤᠨ ᠪᠠᠷᠠᠭᠤᠨ ᠲᠠᠯ᠎ᠠ ᠪᠠᠷ ᠨᠠᠶᠢᠷᠠᠭᠰᠠᠨ ᠲᠡᠷᠭᠡᠨ ᠠᠴᠠ ᠠᠵᠢᠷᠭ᠎ᠠ ᠮᠤᠳᠤ ᠬᠦᠯᠢᠭᠰᠡᠨ ᠡᠪᠦᠬᠡᠨ ᠠᠪᠤ ᠪᠢᠴᠢᠬᠠᠨ ᠠᠴᠢ ᠳᠠᠭᠠᠨ ᠤᠷᠭ᠎ᠠ ᠵᠠᠯᠠᠵᠦ ᠲᠡᠭᠰᠢᠯᠡᠨ᠎ᠡ᠃ ᠦᠵᠦᠮᠦᠴᠢᠨ ᠠᠶᠢᠯ ᠡᠷᠦᠬᠡ ᠶᠡᠷᠦ ᠠᠴᠠ ᠰᠠᠭᠤᠬᠤ ᠠᠴᠠ ᠭᠡᠷ ᠤᠷᠤᠨ ᠰᠠᠭᠤᠴᠠ ᠲᠠᠢ᠂ ᠬᠠᠷᠢᠭᠤᠯᠬᠤ ᠠᠴᠠ ᠦᠪᠡᠷ ᠭᠡᠰᠡᠨ ᠮᠠᠯ ᠰᠦᠷᠤᠭ᠌ ᠲᠠᠢ᠂ ᠨᠡᠭᠦᠬᠦ ᠠᠴᠠ ᠠᠴᠢᠯᠭ᠎ᠠ ᠬᠦᠰᠭᠡ ᠲᠠᠢ ᠪᠡᠶ᠎ᠡ ᠪᠠᠨ ᠲᠠᠭᠠᠭᠠᠭᠰᠠᠨ ᠠᠮᠢᠳᠤᠷᠠᠯᠭ᠎ᠠ ᠲᠠᠢ ᠲᠠᠯ᠎ᠠ ᠨᠤᠲᠤᠭ ᠲᠠᠭᠠᠨ ᠲᠡᠪᠡ ᠢᠶᠠᠷ ᠢᠶᠠᠨ ᠵᠢᠷᠭᠠᠬᠤ ᠲᠠᠪᠢᠯᠠᠩ ᠲᠠᠢ ᠬᠦᠮᠦᠰ ᠡ᠂ ᠮᠠᠯ ᠲᠠᠢ ᠠᠶᠢᠯ ᠠᠮᠢᠳᠤᠷᠠᠯ ᠪᠠᠶᠠᠨ᠂ ᠮᠠᠯᠴᠢᠨ ᠬᠦᠮᠦᠨ ᠰᠡᠳᠭᠢᠯ ᠪᠠᠶᠠᠨ ᠭᠡᠳᠡᠭ ᠦᠨᠡᠨ ᠦᠭᠡ ᠡ᠃      ⒊  ᠲᠠᠪᠤᠨ ᠡᠷᠳᠡᠨᠢ ᠶᠢᠨ ᠦᠯᠵᠡᠶᠢᠳᠦ ᠨᠡᠭᠦᠳᠡᠯ       ᠨᠠᠮᠠᠶᠢ ᠶᠢᠰᠦ ᠠᠷᠪᠠᠳᠠᠢ ᠪᠠᠶᠢᠬᠤ ᠳᠤ ᠤᠯᠠᠮᠵᠢᠯᠠᠯᠳᠤ ᠨᠡᠭᠦᠳᠡᠯ ᠮᠠᠯᠵᠢᠯ ᠤᠨ ᠠᠷᠭ᠎ᠠ ᠬᠡᠯᠪᠡᠷᠢ ᠪᠠᠨ ᠪᠦᠷᠢᠨ ᠬᠠᠳᠠᠭᠠᠯᠠᠵᠦ ᠪᠠᠶᠢᠭᠰᠠᠨ ᠶᠤᠮ᠂ ᠬᠠᠮ᠂ ᠠᠪᠳᠠᠷ᠎ᠠ᠂ ᠢᠳᠡᠭᠡᠨ ᠤ ᠠᠪᠳᠠᠷ᠎ᠠ᠂ ᠠᠴᠢᠶ᠎ᠠ ᠲᠡᠷᠭᠡ᠂ ᠠᠷᠭᠠᠯ ᠤᠨ ᠬᠠᠰᠢᠶ᠎ᠠ ᠲᠡᠷᠭᠡ᠂ ᠤᠰᠤᠨ ᠤ ᠭᠠᠩ ᠲᠡᠷᠭᠡ᠂ ᠬᠠᠨᠠᠨ ᠲᠡᠷᠭᠡ᠂ ᠲᠤᠭᠤᠨᠤᠨ ᠲᠡᠷᠭᠡ ᠭᠡᠳ ᠭᠡᠷ ᠪᠦᠯᠢ ᠶᠢᠨ ᠵᠦᠭᠡᠭᠡᠪᠦᠷᠢ ᠶᠢᠨ ᠬᠡᠷᠡᠭᠰᠡᠯ ᠢᠶᠠᠨ ᠡᠳ᠋ᠯᠡᠵᠦ᠂ ᠬᠡᠵᠢᠶᠡᠳᠡ ᠪᠡᠯᠴᠢᠭᠡᠷ ᠰᠢᠯᠢᠨ ᠨᠡᠭᠦᠳᠡᠯᠯᠡᠵᠦ᠂ ᠬᠤᠨᠢ ᠪᠠᠨ ᠬᠤᠳᠠᠯᠠᠵᠦ᠂ ᠦᠬᠡᠷ ᠢᠶᠠᠨ ᠬᠤᠷᠢᠶᠠᠨ ᠂ ᠦᠨᠢᠶ᠎ᠡ ᠪᠠᠨ ᠰᠠᠭᠠᠵᠦ᠂ ᠠᠵᠦ ᠲᠦᠷᠦᠨ ᠠᠮᠢᠳᠤᠷᠠᠵᠦ ᠪᠠᠶᠢᠯ᠎ᠠ᠃      ᠪᠠᠶᠢᠩᠭᠤ ᠨᠤᠲᠤᠭ ᠰᠢᠯᠵᠢᠵᠦ ᠨᠡᠭᠦᠭᠦ ᠪᠤᠯ ᠨᠡᠭᠦᠳᠡᠯᠴᠢᠳ ᠤᠨ ᠬᠡᠳᠦᠨ ᠮᠢᠩᠭᠠᠨ ᠵᠢᠯ ᠤᠨ ᠤᠯᠠᠮᠵᠢᠯᠠᠵᠦ ᠢᠷᠡᠭᠰᠡᠨ ᠦᠢᠯᠡᠳᠪᠦᠷᠢᠯᠡᠯ ᠤᠨ ᠬᠠᠮᠤᠭ ᠲᠤᠬᠢᠮᠵᠢᠳᠡᠢ ᠰᠤᠩᠭᠤᠳᠠᠭ ᠮᠠᠯᠵᠢᠯ ᠤᠨ ᠠᠷᠭ᠎ᠠ ᠬᠡᠯᠪᠡᠷᠢ᠂ ᠨᠡᠭᠦᠳᠡᠯ ᠮᠠᠯᠵᠢᠯ ᠤᠨ ᠦᠨᠳᠦᠰᠦᠨ ᠰᠠᠭᠤᠷᠢ ᠪᠤᠯ ᠲᠠᠯ᠎ᠠ ᠶᠢᠨ ᠲᠠᠪᠤᠨ ᠡᠷᠳᠡᠨᠢ ᠬᠡᠮᠡᠭᠳᠡᠭᠰᠡᠨ ᠠᠳᠤᠭᠤ᠂ ᠦᠬᠡᠷ᠂ ᠬᠤᠨᠢ ᠢᠮᠠᠭ᠎ᠠ᠂ ᠲᠡᠮᠡᠭᠡ ᠵᠡᠷᠭᠡ ᠲᠠᠪᠤᠨ ᠬᠤᠰᠢᠭᠤ ᠮᠠᠯ ᠪᠤᠯᠤᠨ᠎ᠠ᠃ ᠲᠠᠪᠤᠨ ᠬᠤᠰᠢᠭᠤ ᠮᠠᠯ ᠨᠢ ᠬᠠᠷᠢᠯᠴᠠᠨ ᠦᠢᠯᠡᠳᠪᠦᠷᠢᠯᠡᠯ ᠤᠨ ᠲᠤᠬᠢᠷᠡᠯᠴᠠᠬᠤ ᠨᠦᠬᠦᠴᠡᠯ ᠢ ᠪᠦᠷᠢᠯᠳᠦᠭᠦᠯᠦᠭᠰᠡᠨ ᠶᠤᠮ᠂ ᠮᠤᠷᠢ ᠪᠤᠯᠤᠨ ᠲᠡᠮᠡᠭᠡ ᠨᠢ ᠰᠦᠷᠦᠭ ᠬᠠᠷᠢᠭᠤᠯᠬᠤ ᠭᠤᠤᠯ ᠬᠦᠴᠦᠨ᠂ ᠴᠢᠮᠡᠭᠡ ᠬᠤᠯᠪᠤᠭᠠᠨ ᠤ ᠪᠠᠭᠠᠵᠢ ᠪᠤᠯᠳᠠᠭ᠃ ᠦᠬᠡᠷ ᠨᠢ ᠴᠦᠷᠭᠦᠯᠡᠭᠡ ᠨᠡᠭᠦᠳᠡᠯ ᠤᠨ ᠭᠤᠤᠯ ᠬᠦᠴᠦᠨ ᠪᠤᠯᠵᠦ᠂ ᠲᠤᠰ ᠭᠤᠷᠪᠠᠨ ᠪᠤᠳᠠ ᠮᠠᠯ ᠤᠨ ᠡᠬᠡ ᠮᠠᠯ ᠨᠢ ᠰᠦ ᠰᠠᠭᠠᠯᠢ ᠶᠢᠨ ᠬᠦᠨᠡᠰᠦᠨ ᠲᠡᠵᠢᠭᠡᠯ ᠢ ᠬᠠᠩᠭᠠᠨ᠎ᠠ᠂ ᠬᠤᠨᠢ ᠢᠮᠠᠭ᠎ᠠ ᠪᠤᠯ ᠭᠠᠷ ᠲᠤᠤᠷ᠎ᠠ ᠪᠠᠨ ᠵᠠᠷᠤᠬᠤ ᠤᠯᠠᠭᠠᠨ ᠴᠠᠭᠠᠨ ᠬᠦᠨᠡᠰᠦᠨ ᠤ ᠪᠡᠯᠡᠨ ᠢᠷᠡᠯᠳᠡ ᠮᠦᠷᠳᠡᠭᠡᠨ ᠬᠤᠪᠴᠠᠰᠤ ᠬᠤᠨᠠᠷ ᠤᠨ ᠲᠦᠭᠦᠬᠡᠢ ᠮᠠᠲ᠋ᠧᠷᠢᠶᠠᠯ ᠪᠤᠯᠳᠠᠭ᠃      ᠦᠵᠦᠮᠦᠴᠢᠨ ᠤ ᠬᠠᠭᠤᠴᠢ ᠦᠭᠡᠨ ᠳᠤ ᠨᠡᠭᠦᠬᠦ ᠠᠴᠠ ᠡᠮᠦᠨ᠎ᠡ ᠨᠤᠲᠤᠭ ᠢᠶᠠᠨ ᠰᠤᠩᠭᠤ᠂ ᠪᠠᠭᠤᠬᠤ ᠠᠴᠠ ᠡᠮᠦᠨ᠎ᠡ ᠪᠡᠯᠴᠢᠭᠡᠷ ᠢᠶᠠᠨ ᠰᠢᠨᠵᠢ ᠭᠡᠬᠦ ᠪᠠ ᠨᠡᠬᠦᠬᠦ ᠠᠴᠠ ᠭᠡᠷ ᠲᠠᠢ ᠨᠤᠲᠤᠭᠯᠠᠬᠤ ᠠᠴᠠ ᠭᠠᠵᠠᠷ ᠲᠠᠢ ᠭᠡᠯᠴᠡᠳᠡᠭ᠃ ᠨᠡᠭᠦᠵᠦ ᠪᠠᠭᠤᠳᠠᠯᠯᠠᠬᠤ ᠳᠠᠭᠠᠨ ᠦᠷ ᠢᠶᠠᠷ ᠬᠦᠳᠡᠯᠵᠦ ᠨᠠᠷᠠᠨ ᠢᠶᠠᠷ ᠪᠠᠭᠤᠬᠤ ᠶᠢ ᠡᠷᠬᠢᠮᠯᠡᠨ᠎ᠡ᠂ ᠡᠪᠦᠯ ᠤᠨ ᠲᠡᠰᠬᠢᠮ᠎ᠡ ᠭᠦᠢᠳᠡᠨ ᠳᠤ ᠴᠤ ᠲᠡᠷᠡ᠂ ᠭᠡᠷ ᠢᠶᠠᠨ ᠠᠴᠢᠶᠠᠯᠠᠵᠦ ᠦᠬᠡᠷ ᠢᠶᠠᠨ ᠪᠠᠷᠢᠭᠠᠳ᠂ ᠨᠢᠯᠬ᠎ᠠ ᠬᠡᠤᠬᠡᠳ ᠰᠢᠤᠬᠠᠳ ᠢᠶᠠᠨ ᠬᠠᠮ ᠲᠡᠷᠭᠡᠨ ᠳᠤ ᠢᠮᠠᠭᠠᠨ ᠠᠷᠠᠰᠤᠨ ᠬᠦᠨᠵᠢᠯᠡ ᠳᠤ ᠬᠤᠴᠠᠵᠦ᠂ ᠴᠤᠯᠮᠤᠨ ᠤᠳᠤᠨ ᠲᠠᠢ ᠵᠡᠷᠭᠡᠴᠡᠨ ᠬᠦᠳᠡᠯᠵᠦ ᠴᠠᠰᠤᠨ ᠤ ᠲᠤᠮᠳᠠᠭᠤᠷ ᠵᠡᠷᠳᠡ ᠬᠢᠬᠤᠨᠠᠭᠤᠯᠤᠨ ᠨᠡᠭᠦᠨ᠎ᠡ᠂ ᠠᠷᠪᠠ ᠭᠠᠷᠤᠭᠰᠠᠨ ᠬᠦᠤᠴᠦᠳ ᠪᠤᠯ ᠨᠡᠭᠦᠳᠡᠯ ᠢᠶᠠᠨ ᠲᠠᠭᠠᠭᠤᠯᠤᠨ ᠦᠬᠡᠷ ᠰᠦᠷᠦᠭ ᠢᠶᠠᠨ ᠬᠦᠭᠡᠭᠡᠵᠦ ᠪᠢᠷᠠᠭᠤ ᠰᠢᠳᠦᠯᠡᠩ ᠢ ᠪᠠᠷᠢᠵᠦ ᠲᠤᠩᠭᠤᠴᠠᠭᠤᠯᠤᠨ ᠤᠨᠤᠵᠦ ᠶᠠᠪᠤᠬᠤ ᠪᠠ ᠨᠤᠮᠤᠬᠠᠨ ᠦᠨᠢᠶᠡᠳ ᠤᠨ ᠨᠢᠷᠤᠭᠤᠨ ᠲᠡᠭᠡᠷ᠎ᠡ ᠲᠤᠭᠯᠠᠩᠬᠠᠨ ᠶᠠᠪᠤᠵᠦ ᠪᠠᠶᠢᠳᠠᠭ᠃ ᠡᠪᠦᠭᠡᠳ ᠬᠤᠨᠢᠳ ᠢᠶᠠᠨ ᠠᠭᠠᠵᠢᠭᠤᠬᠠᠨ ᠪᠡᠯᠴᠢᠭᠡᠵᠦ ᠶᠠᠪᠤᠬᠤ ᠳᠤ᠂ ᠭᠡᠷ ᠤᠨ ᠡᠵᠡᠳ ᠤᠷᠢᠳᠴᠢᠯᠠᠨ ᠨᠤᠲᠤᠭ ᠦᠵᠡᠬᠦ ᠪᠠᠷ ᠲᠠᠪᠢᠬᠢᠭᠤᠯᠤᠨ᠎ᠠ᠂ ᠪᠡᠷᠢᠶᠡᠳ ᠨᠡᠭᠦᠳᠡᠯ ᠢᠶᠠᠨ ᠭᠠᠷᠯᠠᠨ ᠡᠮᠡᠭᠡᠳ ᠠᠴᠢᠶᠠᠨ ᠤ ᠰᠡᠭᠦᠯ ᠳᠤ ᠬᠤᠶᠠᠷ ᠭᠤᠷᠪᠠᠨ ᠲᠡᠷᠭᠡᠨ ᠤ ᠴᠦᠷᠭᠦᠯᠡᠭᠡ ᠲᠠᠢ ᠶᠡᠭᠡ ᠨᠡᠭᠦᠳᠡᠯ ᠢᠶᠠᠨ ᠬᠠᠷᠠᠵᠦ ᠶᠠᠪᠤᠨ᠎ᠠ᠃ ᠬᠦᠭᠰᠢᠨ ᠨᠤᠬᠠᠳ ᠠᠴᠢᠶ᠎ᠠ ᠲᠠᠭᠠᠨ ᠲᠤᠩᠰᠢᠬᠤ ᠳᠤ ᠵᠠᠯᠠᠭᠤ ᠨᠤᠬᠠᠳ ᠭᠡᠷ ᠤᠨ ᠡᠵᠡᠨ ᠢ ᠪᠤᠷᠪᠢᠳᠤᠨ ᠶᠠᠮᠠᠷ ᠨᠢᠭᠡᠨ ᠠᠮᠢᠳᠠᠨ ᠬᠦᠷᠦᠭᠡᠰᠦ ᠲᠠᠭᠠᠷᠠᠬᠤᠢ ᠭᠡᠵᠦ ᠮᠦᠷ ᠰᠢᠩᠰᠢᠯᠠᠬᠦ ᠪᠤᠶᠤ ᠬᠠᠶᠠ ᠠᠯᠤᠰ ᠢ ᠰᠤᠨᠤᠷᠳᠠᠨ᠎ᠠ᠃ ᠨᠠᠷᠠᠨ ᠤ ᠡᠷᠳᠡ ᠪᠠᠷ ᠪᠠᠭᠤᠭᠰᠠᠨ ᠠᠶᠢᠯ ᠤᠨ ᠠᠷᠭᠠᠯ ᠤᠨ ᠤᠳᠤᠭ᠎ᠠ ᠰᠤᠭᠤᠨᠤᠭᠯᠠᠩᠬᠠᠨ ᠪᠠᠶᠢᠵᠦ ᠬᠡᠵᠢᠶ᠎ᠡ ᠪᠠᠭᠤᠭᠰᠠᠨ ᠶᠤᠮ ᠭᠡᠮᠡᠷ ᠪᠠᠶᠢᠳᠠᠭ᠂ ᠤᠨᠢᠨ ᠲᠤᠯᠤᠭᠠᠢ ᠳᠤ ᠨᠠᠷᠠ ᠲᠤᠰᠬᠤ ᠳᠤ ᠪᠠᠭᠤᠭᠰᠠᠨ ᠠᠶᠢᠯ ᠤᠨ ᠡᠳᠦᠷ ᠤᠨ ᠠᠵᠢᠯ ᠠᠮᠵᠢᠭᠤᠷᠳᠠᠢ᠂ ᠠᠷᠭᠠᠯ ᠲᠦᠯᠡᠰᠢ ᠤᠪᠤᠭᠠᠯᠠᠬᠤ᠂ ᠬᠤᠳᠠ ᠬᠤᠷᠤᠭ᠎ᠠ ᠪᠠᠨ ᠮᠠᠯᠳᠠᠵᠦ ᠪᠠᠷᠢᠬᠤ  ᠠᠵᠢᠯ ᠢᠶᠠᠨ ᠡᠷᠳᠡ ᠲᠠᠭᠤᠰᠬᠠᠳᠠᠭ ᠠᠵᠠᠢ᠃      ᠨᠡᠭᠦᠳᠡᠯ ᠶᠡᠭᠡ ᠬᠢᠳᠡᠭ ᠪᠠᠶᠠᠯᠢᠭ ᠠᠶᠢᠯ ᠤᠳ ᠦᠬᠡᠷ ᠰᠦᠷᠦᠭ ᠢᠶᠠᠨ ᠦᠰᠭᠡᠬᠦ ᠶᠢ ᠠᠩᠬᠠᠷᠬᠤ ᠮᠦᠷᠳᠡᠭᠡᠨ ᠠᠷᠠᠯ ᠤᠨ ᠱᠠᠷ ᠰᠤᠷᠭᠠᠬᠤ ᠶᠢ ᠴᠢᠬᠤᠯᠠᠴᠢᠯᠠᠨ᠎ᠡ᠂ ᠰᠤᠷᠭᠠᠨ ᠤ ᠭᠤᠨ᠎ᠠ ᠲᠠᠢ ᠪᠠᠨ ᠬᠤᠷᠢᠭᠠᠳ ᠬᠦᠯᠪᠦᠷᠢ ᠶᠢᠨ ᠱᠠᠷ ᠶᠢ ᠡᠵᠡᠮᠰᠢᠵᠦ᠂ ᠨᠡᠭᠦᠳᠡᠯᠯᠡᠬᠦ ᠳᠤ ᠲᠤᠩ ᠠᠰᠢᠭᠳᠠᠢ ᠠᠯᠤᠰ ᠤᠨ ᠨᠡᠭᠦᠳᠡᠯ ᠬᠢᠬᠦ ᠳᠤ ᠴᠤ ᠲᠦᠭᠦᠮ ᠪᠠᠶᠢᠳᠠᠭ᠃ ᠦᠬᠡᠷ ᠢ ᠰᠢᠳᠦᠯᠡᠩ ᠬᠢᠵᠠᠯᠠᠩ ᠳᠤᠨᠢ ᠤᠶᠠᠵᠤ᠂ ᠬᠦᠯᠦᠵᠦ ᠰᠤᠷᠭᠠᠳᠠᠭ᠂ ᠦᠬᠡᠷ ᠢ ᠬᠦᠯᠦᠵᠦ ᠰᠣᠷᠭᠠᠬᠤ ᠳᠠᠭᠠᠨ ᠪᠠᠷᠢᠵᠦ ᠤᠶᠠᠬᠤ᠂ ᠳᠠᠭᠤ ᠪᠠᠨ ᠳᠠᠨᠢᠭᠤᠯᠬᠤ᠂ ᠠᠷᠭᠠᠳᠠᠵᠤ ᠵᠦᠭᠡᠯᠡᠯᠡᠬᠦ᠂ ᠭᠦᠲᠦᠯᠵᠦ ᠰᠣᠷᠭᠠᠬᠤ᠂ ᠬᠠᠩᠭᠠᠢ ᠲᠡᠷᠭᠡ ᠴᠢᠷᠦᠭᠦᠯᠬᠦ᠂ ᠬᠦᠩᠭᠡᠨ ᠠᠴᠢᠶᠠᠨ ᠳᠤ ᠬᠦᠯᠦᠬᠦ ᠵᠡᠷᠭᠡ ᠦᠢᠯᠡ ᠬᠦᠳᠡᠯᠭᠡᠭᠡᠨ ᠤ ᠳᠠᠷᠠᠭᠠᠯᠠᠯ ᠢᠶᠠᠷ ᠬᠦᠯᠦᠵᠦ ᠰᠣᠷᠭᠠᠨ᠂ ᠡᠳ᠋ᠯᠡᠭᠡᠨ ᠳᠤ ᠤᠷᠤᠭᠤᠯᠳᠠᠭ᠃ ᠡᠭᠦᠨ ᠳᠤ ᠤᠶᠠᠵᠤ ᠬᠦᠩᠭᠡᠷᠡᠭᠦᠯᠬᠦ ᠪᠠᠷ ᠭᠤᠤᠯ ᠪᠤᠯᠭᠠᠳᠠᠭ ᠪᠦᠭᠡᠳ ᠤᠯᠠᠩᠬᠢ ᠳᠠᠭᠠᠨ ᠬᠠᠪᠤᠷ ᠨᠠᠮᠤᠷ ᠤᠨ ᠤᠯᠠᠷᠢᠯ ᠤᠨ ᠰᠠᠶᠢᠬᠠᠨ ᠳᠤ ᠰᠤᠷᠭᠠᠳᠠᠭ᠃                           ᠬᠤᠶᠠᠷ᠂ ᠬᠡᠤᠬᠡᠳ ᠬᠦᠮᠦᠵᠢᠭᠦᠯᠬᠦ ᠮᠤᠩᠭᠤᠯ ᠤᠬᠠᠭᠠᠨ      ⑴ ᠬᠤᠷᠸ᠎ᠠ ᠤᠶᠠᠷᠭᠠᠬᠤ ᠪᠦᠤᠪᠡᠢ ᠶᠢᠨ ᠲᠠᠭᠤᠨ      ᠦᠵᠦᠮᠦᠴᠢᠨᠴᠤᠳ᠂ ᠦᠷ᠎ᠡ ᠬᠤᠶᠢᠴᠢᠰ ᠢᠶᠠᠨ ᠬᠠᠷᠠᠬᠠᠨ ᠪᠠᠭ᠎ᠠ ᠠᠴᠠ ᠨᠢ ᠭᠡᠷ ᠤᠨ ᠬᠦᠮᠦᠵᠢᠯ᠂ ᠨᠡᠶᠢᠭᠡᠮ ᠨᠡᠶᠢᠳᠡ ᠶᠢᠨ ᠵᠢᠷᠤᠮᠵᠢᠭᠤᠯᠬᠤ ᠶᠤᠰᠤ ᠴᠡᠭᠡᠷ ᠢᠶᠠᠷ ᠬᠦᠮᠦᠵᠢᠭᠦᠯᠦᠨ ᠠᠩᠬᠠᠷᠤᠭᠤᠯᠬᠤ ᠰᠠᠶᠢᠬᠠᠨ ᠤᠯᠠᠮᠵᠢᠯᠠᠯ ᠲᠠᠢ᠃ ᠡᠴᠢᠭᠡ ᠡᠬᠡ ᠪᠤᠯᠤᠭᠰᠠᠳ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭ᠎ᠠ ᠠᠴᠠ ᠪᠠᠨ︾ ᠭᠡᠵᠦ ᠤᠷᠢᠳ ᠢᠶᠠᠷ ᠭᠡᠷ ᠪᠦᠯᠢ ᠶᠢᠨ ᠬᠡᠪ ᠲᠠᠭᠤᠷᠢᠶᠠᠯ ᠢ ᠪᠤᠢ ᠪᠤᠯᠭᠠᠵᠦ᠂ ᠬᠡᠤᠬᠡᠳ ᠢ ᠤᠯᠠᠭᠠᠨ ᠨᠢᠯᠬ᠎ᠠ ᠠᠴᠠ ᠨᠢ ︽ᠪᠦᠤᠪᠠᠢ ᠶᠢᠨ ᠲᠠᠭᠤᠤ︾ ᠶᠢᠨ ᠤᠶᠠᠷᠠᠭᠤᠨ ᠠᠶᠠᠯᠠᠭᠤ ᠪᠠᠷ ᠠᠷᠭᠠᠳᠠᠨ᠂ ᠵᠦᠭᠡᠯᠡᠨ ᠬᠦᠳᠡᠯᠭᠡᠭᠡᠨ ᠢᠶᠠᠷ ᠰᠠᠭᠠᠳᠠᠭᠤᠯᠵᠦ᠂ ᠬᠡᠤᠬᠡᠳ ᠲᠤ ᠠᠮᠤᠷ ᠵᠢᠷᠭᠠᠯᠠᠩ  ᠲᠠᠢ ᠪᠠᠶᠢᠬᠤ ᠨᠦᠯᠦᠭᠡ ᠶᠢ ᠦᠭᠭᠦᠭᠰᠡᠭᠡᠷ ᠰᠠᠨᠠᠭ᠎ᠠ ᠠᠮᠤᠷ ᠤᠨᠳᠠᠭᠤᠯᠳᠠᠭ᠃ ᠬᠡᠤᠬᠡᠳ ᠢ ᠤᠬᠠᠭ᠎ᠠ ᠤᠷᠤᠬᠤ ᠠᠴᠠ ᠡᠬᠢᠯᠡᠵᠦ ᠂ ᠭᠡᠷ ᠤᠨ ᠲᠤᠮᠤᠴᠤᠳ ᠨᠢ ᠬᠡᠤᠬᠡᠳ ᠤᠨ ᠲᠡᠷᠬᠡᠳᠡ ᠵᠦᠭᠡᠯᠡᠨ ᠲᠠᠭᠤᠨ ᠢᠶᠠᠷ ᠶᠠᠷᠢᠯᠴᠠᠬᠤ ᠠᠴᠠ ᠪᠢᠰᠢ ᠦᠨᠳᠦᠷ ᠲᠠᠭᠤᠨ ᠢᠶᠠᠷ ᠬᠡᠷᠡᠯᠳᠦᠬᠦ᠂ ᠬᠠᠷᠢᠶᠠᠯᠴᠠᠬᠤ᠂ ᠵᠤᠳᠤᠯᠳᠤᠬᠤ ᠶᠢ ᠴᠢᠩᠭ᠎ᠠ ᠴᠡᠭᠡᠷᠯᠡᠵᠦ᠂ ᠲᠡᠶᠢᠮᠦ ᠬᠠᠷᠭᠢᠰ ᠲᠤᠭᠰᠢᠨ ᠲᠦᠷᠢ ᠶᠢ ᠦᠵᠡᠭᠦᠯᠬᠦ ᠦᠭᠡᠢ ᠵᠠᠩᠰᠢᠯ ᠲᠠᠢ᠃ ᠨᠡᠩ ᠨᠠᠰᠤᠳᠠᠨ ᠪᠤᠭᠤᠷᠤᠯ ᠲᠠᠢ ᠠᠶᠢᠯ ᠡᠷᠦᠬᠡ ᠶᠢᠨ ᠭᠡᠷ ᠤᠨ ᠰᠤᠷᠭᠠᠯ ᠴᠢᠩᠭ᠎ᠠ ᠪᠠᠶᠢᠳᠠᠭ᠃ ᠬᠡᠤᠬᠡᠳ ᠢ ᠬᠠᠶᠢᠷᠠᠯᠠᠨ ᠦᠰᠭᠡᠬᠦ ᠪᠤᠯᠪᠠᠴᠤ ᠡᠷᠬᠡᠯᠡᠭᠦᠯᠦᠨ ᠲᠤᠷ᠎ᠠ ᠪᠠᠷ ᠨᠢ ᠲᠠᠯᠪᠢᠳᠠᠭ ᠦᠭᠡᠢ᠂ ᠬᠡᠤᠬᠡᠳ ᠲᠡᠩᠳᠡᠭᠦᠤ ᠡᠷᠬᠡᠯᠡᠨ ᠠᠭᠠᠰᠢᠯᠠᠬᠤ ᠭᠡᠪᠡᠯ ᠪᠦᠳᠦᠭᠦᠨ ᠲᠠᠭᠤᠨ ᠢᠶᠠᠷ ᠵᠠᠩᠨᠠᠵᠦ ᠲᠡᠭᠡᠵᠦ ᠪᠤᠯᠬᠤ ᠦᠭᠡᠢ ᠪᠠᠨ ᠮᠡᠳᠡᠭᠳᠡᠬᠦ ᠳᠤ ᠬᠡᠤᠬᠡᠳ ᠲᠡᠷᠡ ᠶᠡᠭᠡ ᠲᠠᠭᠤᠨ ᠢ ᠰᠤᠨᠤᠰᠤᠭᠰᠠᠨ ᠦᠭᠡᠢ ᠤᠴᠢᠷ ᠶᠡᠭᠡ ᠪᠠᠷ ᠠᠶᠤᠵᠦ ᠠᠭᠠᠰᠢᠯᠠᠬᠤ ᠪᠠᠨ ᠪᠤᠯᠢᠳᠠᠭ᠂ ᠦᠵᠦᠮᠦᠴᠢᠨᠴᠤᠳ ᠶᠡᠷᠦ ᠨᠢ ᠠᠭᠤᠷ ᠬᠦᠷᠪᠡᠴᠤ ᠵᠤᠳᠤᠯᠳ᠋ᠨᠬᠤ ᠵᠤᠷᠢᠭ ᠦᠭᠡᠢ᠃ ︽ᠬᠠᠮᠪᠠᠷᠤᠮ︾ ᠠᠴᠠ ᠤᠨᠳᠤᠤ ᠬᠠᠷᠢᠶᠠᠯ ᠮᠡᠳᠡᠬᠦ ᠦᠭᠡᠢ ᠪᠠᠶᠢᠳᠠᠭ ᠨᠢ ᠲᠡᠷᠡ ᠪᠢᠯᠡ᠃ ᠪᠤᠭᠤᠷᠤᠯ ᠨᠠᠰᠤᠳᠠᠳ ᠠᠴᠠ ᠤᠷᠤᠢ ᠪᠤᠯᠬᠤ ᠳᠤ ᠬᠡᠤᠬᠡᠳ ᠠᠴᠢ ᠨᠠᠷ ᠲᠠᠭᠠᠨ ᠬᠤᠨᠤᠴᠢ ᠬᠡᠤᠬᠡᠳ ᠲᠤ ︽ᠮᠠᠩᠭᠤᠰ ᠢ ᠲᠠᠷᠤᠭᠰᠠᠨ ᠪᠠᠭᠠᠳᠤᠷ ᠤᠨ ᠦᠯᠢᠭᠡᠷ︾ ᠢ ᠭᠤᠤᠯᠳᠠᠭᠤ ᠶᠠᠷᠢᠵᠦ᠂ ᠳᠡᠳᠡᠨ ᠳᠤ ᠪᠠᠭᠠᠳᠤᠷᠯᠢᠭ ᠰᠦᠰᠦ ᠵᠤᠷᠢᠭ ᠲᠠᠢ ᠪᠤᠯᠬᠤ ᠪᠠ ᠰᠠᠶᠢᠨ ᠮᠠᠭᠤ᠂ ᠰᠠᠶᠢᠬᠠᠨ ᠮᠠᠭᠤᠬᠠᠢ ᠶᠢ ᠢᠯᠭᠠᠬᠤ ᠴᠢᠳᠠᠪᠤᠷᠢ  ᠲᠠᠢ ᠪᠤᠯᠬᠤ ᠶᠢ ᠵᠤᠷᠢᠳᠠᠭ᠃ ᠪᠠᠰᠠ ᠬᠤᠨᠤᠴᠢ ᠬᠦᠮᠦᠨ ᠬᠤᠶᠠᠷ ᠦᠯᠢᠭᠡᠷ ᠬᠤᠷᠢᠨ ᠤᠨᠢᠰᠤᠭ᠎ᠠ ᠬᠡᠯᠡᠭᠦᠯᠬᠦ ᠭᠡᠵᠦ ᠵᠢᠳᠭᠦᠬᠦᠯᠦᠨ᠂ ᠦᠪᠡᠷᠳᠡᠭᠡᠨ ᠤᠨᠢᠰᠤᠭ᠎ᠠ ᠠᠰᠠᠭᠤᠬᠤ ᠪᠤᠶᠤ ᠬᠡᠤᠬᠡᠳ ᠢᠶᠠᠷ ᠤᠨᠢᠰᠤᠭ᠎ᠠ ᠬᠡᠯᠡᠭᠦᠯᠵᠦ᠂ ᠬᠠᠷᠢᠯᠴᠠᠨ ᠲᠠᠭᠠᠯᠴᠠᠨ᠂ ᠬᠡᠤᠬᠡᠳ ᠤᠨ ᠤᠶᠤᠨ ᠪᠢᠯᠢᠭ ᠢ ᠬᠤᠷᠴᠠᠯᠠᠬᠤ ᠶᠢ ᠠᠬᠢᠭᠤᠯᠳᠠᠭ ᠰᠠᠶᠢᠬᠠᠨ ᠵᠢᠷᠤᠮᠵᠢᠯ ᠲᠠᠢ ᠶᠤᠮ᠃      ᠦᠷ᠎ᠡ ᠬᠡᠤᠬᠡᠳ ᠢᠶᠠᠨ ᠡᠬᠡ ᠬᠡᠯᠡ ᠪᠠᠷ ᠨᠢ ᠰᠤᠷᠭᠠᠵᠦ᠂ ᠲᠦᠷᠰᠦᠯᠡᠯ ᠢᠶᠠᠷ ᠦᠭᠡ ᠴᠡᠭᠡᠵᠢᠯᠡᠭᠦᠯᠵᠦ ᠡᠬᠢᠯᠡᠳᠡᠭ᠃ ᠵᠢᠱᠢᠶᠡᠯᠡᠬᠦ ᠳᠤ ᠡᠴᠢᠭᠡ ᠡᠬᠡ ᠪᠤᠶᠤ ᠠᠬ᠎ᠠ ᠡᠭᠡᠴᠢ ᠶᠢ ᠨᠢ ᠵᠢᠭᠠᠭᠰᠠᠨ ᠢᠶᠠᠨ ᠠᠪᠤ᠂ ᠡᠵᠢ᠂ ᠠᠬ᠎ᠠ᠂ ᠡᠭᠡᠴᠢ ᠭᠡᠬᠦ ᠪᠤᠶᠤ ᠦᠪᠡᠷ ᠤᠨ ᠨᠢᠭᠤᠷ ᠤᠨ ᠡᠷᠬᠡᠳᠡᠨ ᠢᠶᠠᠨ ᠪᠠᠷᠢᠵᠦ ᠬᠠᠮᠠᠷ᠂ ᠨᠢᠳᠦ᠂ ᠴᠢᠬᠢ᠂ ᠠᠮᠠ ᠭᠡᠬᠦ ᠮᠡᠳᠦ ᠪᠠᠷ ᠦᠷᠭᠦᠯᠵᠢ ᠬᠡᠷᠡᠭᠯᠡᠳᠡᠭ ᠲᠠᠭᠤᠳᠠᠯᠭ᠎ᠠ ᠪᠠᠷ ᠲᠠᠭᠠᠭᠤᠯᠤᠨ ᠬᠡᠯᠡᠭᠦᠯᠬᠦ ᠪᠤᠶᠤ ᠬᠡᠯᠡᠬᠦ ᠶᠢ ᠨᠢ ᠲᠠᠭᠠᠭᠤᠯᠵᠦ ᠪᠠᠷᠢᠵᠦ ᠴᠡᠭᠡᠵᠢᠯᠡᠭᠦᠯᠳᠡᠭ᠃ 3 — 4 ᠨᠠᠰᠤ ᠬᠦᠷᠪᠡᠯ ᠶᠠᠮᠠᠷ ᠨᠢᠭᠡᠨ ᠲᠦᠷᠰᠦ ᠶᠢ ᠵᠢᠭᠠᠵᠦ᠂ ᠭᠠᠯ᠂ ᠤᠰᠤ᠂ ᠲᠤᠭᠤᠭ᠎ᠠ᠂ ᠭᠡᠷ᠂ ᠨᠠᠷᠠ᠂ ᠰᠠᠷᠠ᠂ ᠤᠳᠤ ᠭᠡᠬᠦ ᠵᠡᠷᠭᠡ ᠶᠢ ᠲᠠᠨᠢᠭᠤᠯᠤᠨ᠂ ᠲᠠᠪᠤᠨ ᠬᠤᠰᠢᠭᠤ ᠮᠠᠯ ᠢ ᠲᠠᠨᠢᠭᠤᠯᠬᠤ ᠳᠠᠭᠠᠨ ᠬᠤᠨᠢ ᠶᠢ ᠡᠬᠢᠯᠡᠭᠡᠳ ᠮᠠᠶᠢᠯᠠᠬᠤ ᠲᠠᠭᠤᠨ ᠢ ᠨᠢ ᠲᠠᠭᠤᠷᠢᠶᠠᠵᠦ ︽ᠮᠠᠢ᠂ ᠮᠠᠢ︾᠂ ᠦᠬᠡᠷ ᠤᠨ ᠲᠠᠭᠤᠨ ᠢ ᠲᠠᠭᠤᠷᠢᠶᠠᠵᠦ ︽ᠦᠮᠪᠤᠤ︾᠂ ᠢᠮᠠᠭ᠎ᠠ ᠶᠢ ︽ᠴᠢᠶᠧ᠂ ᠴᠢᠶᠧ︾ ᠭᠡᠵᠦ ᠲᠤᠰ ᠪᠦᠷᠢ ᠲᠠᠭᠤ ᠪᠠᠷ ᠨᠢ ᠲᠦᠷᠰᠦᠯᠡᠨ ᠲᠠᠨᠢᠭᠤᠯᠵᠦ᠂ ᠲᠠᠷᠠᠭ᠎ᠠ ᠨᠢ ᠠᠳᠤᠭᠤ᠂ ᠦᠬᠡᠷ᠂ ᠬᠤᠨᠢ᠂ ᠢᠮᠠᠭ᠎ᠠ᠂ ᠲᠡᠮᠡᠭᠡ ᠶᠢ ᠪᠦᠬᠦᠯᠢ ᠪᠠᠷ ᠨᠢ ᠶᠠᠷᠢᠭᠤᠯᠵᠦ ᠰᠤᠷᠭᠠᠳᠠᠭ᠃ ᠡᠨᠡ ᠮᠡᠳᠦ ᠪᠠᠷ ᠬᠡᠤᠬᠡᠳ ᠲᠤ ᠤᠶᠢᠷᠠᠳᠤᠭᠰᠠᠨ ᠪᠤᠳᠠᠰ ᠶᠠᠭᠤᠮ᠎ᠠ ᠪᠤᠶᠤ ᠬᠤᠪᠴᠠᠰᠦ ᠡᠮᠦᠰᠬᠦ ᠵᠡᠷᠭᠡ ᠦᠢᠯᠡ ᠬᠦᠳᠡᠯᠭᠡᠭᠡᠨ ᠢᠶᠠᠷ ᠨᠢ ᠪᠤᠳᠠᠳᠤ ᠤᠷᠤᠰᠢᠬᠤᠢ ᠪᠠᠷ ᠲᠦᠷᠰᠦᠯᠡᠭᠦᠯᠦᠨ ᠪᠠᠶᠢᠩᠭᠤ ᠬᠡᠯᠡᠵᠦ ᠵᠢᠭᠠᠳᠠᠭ ᠢᠶᠠᠷ ᠠᠮᠠᠷᠬᠠᠨ ᠴᠡᠭᠡᠵᠢᠯᠡᠨ ᠴᠠᠭᠠᠷᠠᠩᠭᠤᠢ ᠬᠡᠯᠡᠵᠦ ᠰᠤᠷᠴᠢᠬᠠᠳᠠᠭ ᠶᠤᠮ᠃ 5 — 6 ᠨᠠᠰᠤ ᠬᠦᠷᠪᠡᠯ ᠵᠦᠭ ᠴᠢᠭ ᠮᠡᠳᠡᠭᠦᠯᠬᠦ᠂ ᠠᠷᠪᠠᠨ ᠬᠤᠶᠠᠷ ᠵᠢᠯ ᠢ ᠲᠠᠨᠢᠭᠤᠯᠬᠤ᠂ ᠲᠤᠭ᠎ᠠ ᠲᠤᠭᠠᠯᠠᠵᠦ ᠰᠤᠷᠭᠠᠬᠤ᠂ ᠦᠩᠭᠡ ᠢᠯᠭᠠᠵᠦ ᠰᠤᠷᠭᠠᠬᠤ᠂ ᠴᠠᠭᠠᠨ ᠲᠤᠯᠤᠭᠠᠢ ᠶᠢᠨ ᠡᠭᠡᠰᠢᠭ ᠲᠤᠯᠤᠭ᠎ᠠ ᠶᠢ ᠪᠢᠴᠢᠭᠦᠯᠬᠦ ᠵᠡᠷᠭᠡ ᠦᠨᠳᠦᠰᠦᠨ ᠮᠡᠳᠡᠯᠭᠡ ᠶᠢ ᠡᠵᠡᠮᠰᠢᠭᠦᠯᠳᠡᠭ ᠶᠤᠮ᠃      ⑵ ᠲᠡᠭᠡᠳᠦᠯᠡᠬᠦ ᠶᠢᠨ ᠡᠷᠬᠢᠮ ᠬᠦᠨᠳᠦᠯᠡᠯ      ᠠᠪᠤ ᠡᠵᠢ᠂ ᠠᠬ᠎ᠠ ᠡᠭᠡᠴᠢ ᠪᠠᠨ ᠬᠦᠨᠳᠦᠯᠡᠨ ᠶᠠᠪᠤᠬᠤ ᠪᠤᠯ ᠶᠤᠰᠤ ᠰᠤᠷᠳᠠᠬᠤᠨ ᠢ ᠡᠵᠡᠮᠰᠢᠬᠦ ᠬᠠᠮᠤᠭ ᠠᠩᠬᠠᠨ ᠤ ᠡᠬᠢᠯᠡᠯ ᠪᠤᠯᠤᠨ᠎ᠠ᠃ ᠡᠴᠢᠭᠡ ᠡᠬᠡ ᠪᠤᠯᠤᠭᠰᠠᠳ ︽ᠬᠦᠮᠦᠨ ᠳᠤ ᠠᠬ᠎ᠠ ᠲᠠᠢ᠂ ᠲᠡᠪᠡᠯ ᠳᠤ ᠵᠠᠭᠠᠮ᠎ᠠ ᠲᠠᠢ︾᠂ ︽ᠭᠠᠭᠴᠠᠭᠠᠷ ᠶᠠᠪᠤᠪᠠᠯ ᠮᠠᠯᠠᠭᠠᠢ ᠨᠢ ᠠᠬ᠎ᠠ᠂ ᠬᠤᠶᠠᠭᠤᠯᠠ ᠶᠠᠪᠤᠪᠠᠯ ᠨᠢᠭᠡ ᠨᠢ ᠠᠬ᠎ᠠ︾ ᠭᠡᠵᠦ ᠬᠦᠨᠳᠦᠯᠡᠯ ᠤᠨ ᠶᠤᠰᠤ ᠤᠴᠢᠷ ᠢ ᠬᠡᠤᠬᠡᠳ ᠲᠡᠭᠡᠨ ᠬᠡᠯᠡᠵᠦ ᠰᠤᠷᠭᠠᠳᠠᠭ ᠮᠦᠷᠳᠡᠭᠡᠨ ᠠᠬᠠᠰ ᠵᠠᠬᠠᠰ ᠢ ᠨᠡᠷ᠎ᠡ ᠪᠠᠷ ᠨᠢ ᠲᠠᠭᠤᠳᠠᠭᠤᠯᠬᠤ ᠦᠭᠡᠢ᠂ ᠲᠤᠰᠬᠠᠢ ᠡᠷᠭᠦᠮᠵᠢ ᠶᠢᠨ ᠨᠡᠷ᠎ᠡ ᠦᠭᠴᠤ ᠬᠦᠨᠳᠦᠯᠡᠭᠦᠯᠦᠨ ᠨᠡᠷᠡᠯᠡᠭᠦᠯᠬᠦ ᠵᠢᠷᠤᠮ ᠲᠠᠢ ᠪᠠᠶᠢᠳᠠᠭ ᠶᠤᠮ᠃ ᠵᠢᠱᠢᠶᠡᠯᠡᠪᠡᠯ ᠡᠪᠦᠭᠡ ᠡᠮᠡᠭᠡ ᠶᠢ ︽ᠠᠪᠤ︾ ᠪᠤᠶᠤ ︽ᠡᠵᠢ︾ ᠭᠡᠵᠦ᠂ ᠡᠴᠢᠭᠡ ᠡᠬᠡ ᠶᠢ ᠨᠢ ︽ᠠᠵᠠ︾ ᠪᠤᠶᠤ ︽ᠠᠨᠢᠶ᠎ᠠ᠂ ᠠᠭ᠎ᠠ︾ ᠭᠡᠬᠦ ᠮᠡᠳᠦ ᠪᠠᠷ ᠲᠠᠭᠤᠳᠠᠭᠤᠯᠬᠤ ᠪᠦᠭᠡᠳ ᠠᠪᠤ ᠡᠵᠢ ᠨᠢ ᠡᠩᠬᠡ ᠮᠡᠨᠳᠦ ᠪᠠᠶᠢᠬᠤ ᠵᠠᠯᠠᠭᠤ ᠡᠴᠢᠭᠡ ᠡᠬᠡ ᠶᠢ ᠬᠡᠤᠬᠡᠳ ᠢᠶᠠᠷ ᠨᠢ ︽ᠠᠪᠤ︾ ᠪᠤᠶᠤ ︽ᠡᠵᠢ︾ ᠭᠡᠵᠦ ᠰᠢᠭᠤᠳ ᠡᠷᠭᠦᠮᠵᠢᠯᠡᠭᠦᠯᠳᠡᠭ ᠦᠭᠡᠢ ᠤᠴᠢᠷ ᠲᠠᠢ᠃ ᠠᠬ᠎ᠠ ᠡᠭᠡᠴᠢ ᠪᠤᠯᠤᠭᠰᠠᠳ ᠢ ᠡᠷᠭᠦᠮᠵᠢ ᠶᠢᠨ ᠨᠠᠷ᠎ᠠ ᠦᠭᠴᠤ ᠤᠯᠠᠩᠬᠢ ᠳᠠᠭᠠᠨ ︽ᠠᠪᠤᠭᠠᠢ︾᠂ ︽ᠠᠮᠪᠠ︾᠂ ︽ᠠᠨᠵᠢᠶ᠎ᠠ︾᠂ ︽ᠠᠶᠠ︾᠂ ︽ᠠᠭᠦ᠋︾ ᠭᠡᠬᠦ ᠵᠡᠷᠭᠡ ᠪᠠᠷ ᠲᠠᠭᠤᠳᠠᠭᠤᠯᠤᠨ ᠰᠤᠷᠠᠭᠠᠳᠠᠭ ᠶᠤᠮ᠃ ᠡᠨᠡ ᠮᠡᠳᠦ ᠪᠠᠷ ᠠᠶᠢᠯ ᠠᠶᠢᠮᠠᠭ ᠤᠨ ᠦᠳᠡᠭᠦᠰ ᠠᠬᠠᠮᠠᠳ ᠢ ᠴᠤ ᠡᠷᠭᠦᠮᠵᠢ ᠶᠢᠨ ᠨᠡᠷ᠎ᠡ ᠦᠭᠴᠤ ᠲᠠᠭᠤᠳᠠᠭᠤᠯᠤᠨ᠎ᠠ᠃ ᠬᠡᠤᠬᠡᠳ ᠭᠡᠷ ᠵᠠᠭᠤᠷ᠎ᠠ ᠶᠢᠨ ᠠᠵᠢᠯ ᠶᠠᠪᠤᠳᠠᠯ ᠢ ᠬᠢᠵᠦ ᠴᠢᠳᠠᠬᠤ ᠪᠤᠯᠬᠤ ᠪᠠᠷ ᠨᠢ ᠦᠷᠯᠦᠭᠡ ᠡᠷᠳᠡ ᠪᠤᠰᠬᠠᠬᠤ᠂ ᠠᠷᠭᠠᠯ ᠲᠦᠯᠡᠰᠢ ᠤᠶᠢᠷᠠᠳᠤᠭᠤᠯᠬᠤ᠂ ᠦᠨᠡᠰᠦ ᠬᠤᠭ ᠬᠠᠶᠠᠨ ᠭᠠᠯ ᠨᠤᠴᠤᠭᠠᠬᠤ᠂ ᠤᠰᠤ ᠤᠷᠤᠭᠤᠯᠤᠨ ᠴᠠᠢ ᠪᠡᠯᠡᠳᠬᠦ᠂ ᠬᠤᠭᠤᠯᠠ ᠴᠠᠢ ᠪᠠᠨ ᠨᠠᠰᠤᠨ ᠤ ᠠᠬᠠᠮᠠᠳ ᠠᠴᠠ ᠡᠬᠢᠯᠡᠨ ᠠᠶᠠᠭᠠᠯᠠᠨ ᠦᠭᠬᠦ᠂ ᠦᠳᠡᠭᠦᠰ ᠤᠨ ᠬᠤᠪᠴᠠᠰᠤ ᠬᠤᠨᠠᠷ ᠢ ᠡᠮᠦᠰᠭᠡᠵᠦ ᠦᠭᠬᠦ᠂ ᠬᠦᠨᠵᠢᠯᠡ ᠲᠡᠪᠢᠰᠭᠡᠷ ᠢ ᠬᠤᠷᠢᠶᠠᠬᠤ᠂ ᠭᠡᠷ ᠴᠡᠪᠡᠷᠯᠡᠬᠦ ᠵᠡᠷᠭᠡ ᠠᠷᠰᠠᠷ ᠠᠵᠢᠯ ᠬᠢᠳᠡᠯ ᠢ ᠪᠠᠭ᠎ᠠ ᠠᠴᠠ ᠨᠢ ᠬᠢᠯᠭᠡᠵᠦ ᠰᠤᠷᠭᠠᠨ᠎ᠡ᠃ ᠠᠶᠢᠯ ᠠᠶᠢᠮᠠᠭ ᠤᠨ ᠨᠠᠰᠤᠳᠠᠨ ᠨᠢ ᠠᠶᠢᠯᠴᠢᠯᠠᠬᠤ ᠪᠠᠷ ᠢᠷᠡᠪᠡᠯ ᠬᠡᠤᠬᠡᠳ ᠪᠡᠷᠢᠶᠡᠳ ᠨᠢ ᠲᠤᠰᠤᠨ ᠭᠠᠷᠴᠤ ᠤᠨᠤᠭ᠎ᠠ ᠬᠦᠯᠦᠪᠦᠷᠢ ᠶᠢ ᠨᠢ ᠲᠤᠰᠤᠨ ᠠᠪᠴᠤ᠂ ᠠᠮᠤᠷ ᠮᠡᠨᠳᠦ ᠶᠢ ᠨᠢ ᠠᠰᠠᠭᠤᠬᠤ ᠶᠢᠨ ᠲᠠᠭᠠᠤ ᠲᠦᠰᠢᠨ ᠪᠠᠭᠤᠯᠭᠠᠵᠦ᠂ ᠡᠭᠦᠳᠡ ᠪᠠᠨ ᠰᠡᠭᠦᠨ ᠦᠭᠴᠤ ᠭᠡᠷ ᠲᠤ ᠵᠠᠯᠠᠵᠦ ᠤᠷᠤᠭᠤᠯᠳᠠᠭ᠃ ᠲᠡᠭᠦᠮᠡᠳ ᠬᠦᠮᠦᠨ ᠪᠦᠬᠦᠨ ᠢᠶᠠᠷ ᠢᠶᠠᠨ ᠭᠠᠷᠴᠤ ᠤᠭᠳᠤᠳᠠᠭ ᠶᠤᠮ᠂ ᠨᠠᠰᠤᠳᠠᠨ ᠢ ᠬᠤᠶᠢᠮᠤᠷ ᠰᠠᠭᠤᠯᠭᠠᠭᠰᠠᠨ ᠢᠶᠠᠨ ᠬᠦᠭᠦᠷ ᠰᠤᠯᠢᠯᠴᠠᠨ ᠮᠡᠨᠳᠦ ᠤᠰᠤᠨ ᠢᠶᠠᠨ ᠠᠰᠠᠭᠤᠯᠴᠠᠨ᠂ ᠰᠢᠨ᠎ᠡ ᠴᠠᠢ ᠪᠡᠯᠡᠳᠦᠨ ᠠᠶᠠᠭᠠᠯᠠᠵᠦ ᠦᠭᠬᠦ ᠳᠡᠭᠡᠨ ᠬᠤᠶᠠᠷ ᠭᠠᠷ ᠢᠶᠠᠷ ᠪᠠᠷᠢᠳᠠᠭ᠃ ᠲᠤᠮᠤᠴᠤᠳ ᠢ ᠶᠠᠷᠢᠯᠴᠠᠬᠤ ᠲᠤᠮᠳᠠ ᠬᠡᠤᠬᠡᠳ ᠤᠳ ᠦᠢᠮᠡᠵᠦ ᠱᠤᠤᠬᠢᠬᠤ ᠪᠠ ᠬᠤᠩᠰᠢᠶᠠᠷ ᠲᠦᠷᠢᠵᠦ ᠪᠤᠯᠳᠠᠭ ᠦᠭᠡᠢ᠂ ᠲᠡᠭᠡᠪᠡᠯ ᠶᠤᠰᠤ ᠮᠤᠷᠠᠯ ᠦᠭᠡᠢ ᠭᠡᠬᠦ ᠪᠠ ᠶᠡᠭᠡ ᠶᠢᠨ ᠴᠡᠭᠡᠵᠢ ᠲᠠᠢ ᠭᠡᠵᠦ ᠵᠠᠩᠨᠠᠳᠠᠭ᠃ ᠵᠠᠯᠠᠭᠤ ᠪᠠᠭᠠᠴᠤᠳ ᠠᠶᠢᠯ ᠳᠤ ᠪᠠᠭᠤᠬᠤ ᠳᠠᠭᠠᠨ ᠨᠠᠰᠤᠳᠠᠨ ᠤ ᠠᠮᠤᠷ ᠢ ᠡᠷᠢᠬᠦ᠂ ᠠᠬᠠᠮᠠᠳ ᠤᠨ ᠲᠤᠤᠷ᠎ᠠ ᠲᠠᠯ᠎ᠠ ᠪᠠᠷ ᠰᠠᠭᠤᠬᠤ᠂ ᠴᠤᠨᠴᠤᠶᠢᠵᠦ ᠰᠠᠭᠤᠬᠤ ᠶᠤᠰᠤᠳᠠᠢ ᠪᠠᠶᠢᠳᠠᠭ᠃ ᠶᠡᠷᠦ ᠨᠢ ᠶᠠᠪᠠᠭᠠᠨ ᠰᠠᠭᠤᠬᠤ᠂ ᠠᠷᠭᠠᠯ ᠤᠨ ᠠᠪᠳᠠᠷ᠎ᠠ ᠳᠡᠭᠡᠷ᠎ᠡ ᠰᠠᠨᠳᠠᠶᠢᠯᠠᠨ ᠰᠠᠭᠤᠬᠤ᠂ ᠪᠤᠱᠤᠭᠠᠨ ᠳᠡᠭᠡᠷ᠎ᠡ ᠰᠠᠭᠤᠬᠤ ᠪᠤᠶᠤ ᠬᠢᠰᠭᠢᠬᠦ᠂ ᠬᠠᠭᠠᠯᠭ᠎ᠠ ᠠᠯᠳᠠᠯᠠᠬᠤ᠂ ᠡᠭᠦᠳᠡᠨ ᠤ ᠪᠤᠷᠤᠭᠤ ᠲᠠᠯ᠎ᠠ ᠠᠴᠠ ᠤᠷᠤᠵᠦ ᠭᠠᠷᠴᠤ ᠪᠤᠯᠳᠠᠭ ᠦᠭᠡᠢ ᠵᠠᠩᠰᠢᠯ ᠲᠠᠢ ᠪᠤᠯᠤᠨ ᠬᠦᠮᠦᠵᠢᠨ᠎ᠡ᠃      ⑶ ᠡᠬᠢ  ᠪᠠᠶᠢᠭᠠᠯᠢ ᠪᠠᠨ ᠬᠠᠶᠢᠷᠠᠯᠠᠬᠤ ᠰᠤᠷᠭᠠᠯ      ᠡᠬᠢ ᠪᠠᠶᠢᠭᠠᠯᠢ ᠪᠠᠨ ᠬᠠᠶᠢᠷᠠᠯᠠᠭᠤᠯᠬᠤ ᠳᠤ᠂ ᠬᠡᠤᠬᠡᠳ ᠪᠠᠭᠠᠴᠤᠳ ᠲᠤ ᠤᠪᠤᠭ᠎ᠠ ᠰᠢᠳᠦᠭᠡᠨ ᠢᠶᠠᠨ ᠳᠠᠬᠢᠬᠤ ᠪᠠᠷ ᠲᠠᠮᠵᠢᠭᠤᠯᠤᠨ ᠪᠠᠶᠢᠭᠠᠯᠢ ᠪᠡᠯᠴᠢᠭᠡᠷ ᠤᠨ ᠰᠢᠮ᠎ᠡ ᠳᠡᠭᠡᠵᠢ ᠠᠴᠠ ᠠᠮᠢᠳᠤᠷᠠᠯ ᠤᠨ ᠠᠰᠢᠭ ᠬᠦᠷᠳᠡᠵᠦ ᠪᠠᠶᠢᠬᠤ ᠶᠢ ᠤᠶᠢᠯᠠᠭᠠᠭᠤᠯᠵᠦ᠂ ᠪᠠᠶᠢᠭᠠᠯᠢ ᠪᠠᠨ ᠬᠠᠶᠢᠷᠠᠯᠠᠬᠤ ᠤᠬᠠᠮᠰᠠᠷ ᠢ ᠪᠤᠢ ᠪᠤᠯᠭᠠᠳᠠᠭ᠃ ᠡᠭᠦᠨ ᠳᠤ᠄ ᠨᠢᠯᠬ᠎ᠠ ᠨᠤᠭᠤᠭ᠎ᠠ ᠶᠢ ᠲᠠᠰᠤᠯᠵᠦ ᠪᠤᠯᠬᠤ ᠦᠭᠡᠢ᠂ ᠨᠢᠭᠡ ᠨᠤᠲᠤᠭ ᠳᠡᠭᠡᠷ᠎ᠡ ᠤᠳᠠᠭᠠᠨ ᠰᠠᠭᠤᠵᠦ ᠪᠡᠯᠴᠢᠭᠡᠷ ᠲᠠᠵᠢᠷᠰᠢᠬᠤ ᠶᠢ ᠰᠡᠷᠭᠡᠶᠢᠯᠡᠵᠦ ᠪᠠᠶᠢᠩᠭᠤ ᠨᠡᠭᠦᠨ ᠰᠢᠯᠵᠢᠵᠦ᠂ ᠨᠡᠭᠦᠬᠦ ᠳᠡᠭᠡᠨ ᠦᠨᠡᠰᠦᠨ ᠨᠦᠬᠡ᠂ ᠤᠳᠤᠭᠠᠷᠢ ᠶᠢᠨ ᠨᠦᠭᠡ᠂ ᠭᠠᠳᠠᠰᠤᠨ ᠨᠦᠬᠡ ᠵᠡᠷᠭᠡ ᠭᠠᠵᠠᠷ ᠤᠨ ᠬᠦᠷᠦᠰᠦ ᠡᠪᠳᠡᠭᠰᠡᠨ ᠨᠦᠬᠡ ᠭᠤᠤ ᠪᠠᠨ ᠪᠦᠭᠯᠡᠵᠦ ᠳᠠᠯᠪᠢᠭᠰᠠᠨ ᠢᠶᠠᠨ ᠨᠤᠲᠤᠭ ᠪᠠᠭᠤᠴᠡ ᠪᠠᠨ ᠴᠡᠪᠡᠷᠯᠡᠨ ᠤᠷᠬᠢᠳᠠᠭ᠃ ᠶᠡᠭᠡ ᠠᠭᠤᠯᠠ ᠪᠠ ᠲᠠᠬᠢᠯᠭᠠᠳᠤ ᠤᠪᠤᠭᠠᠨ ᠤ ᠨᠡᠷ᠎ᠡ ᠶᠢ ᠰᠢᠭᠤᠳ ᠨᠡᠷᠡᠯᠡᠭᠦᠯᠬᠦ ᠦᠭᠡᠢ ︽ᠶᠡᠭᠡ ᠬᠠᠶᠢᠷᠬᠠᠨ︾ ᠂ ︽ᠰᠢᠳᠦᠭᠡᠨ ᠤ ᠭᠠᠵᠠᠷ︾ ᠭᠡᠬᠦ ᠮᠡᠳᠦ ᠪᠠᠷ ᠲᠠᠭᠤᠳᠠᠨ᠎ᠠ᠃ ᠠᠭᠤᠯᠠᠨ ᠤᠷᠤᠨ ᠢᠶᠠᠷ ᠲᠦᠯᠡᠰᠢ ᠠᠪᠬᠤ ᠳᠠᠭᠠᠨ ᠬᠤᠪᠠᠭ᠋ᠠᠢ ᠪᠤᠶᠤ ᠦᠵᠢᠷᠡᠭᠰᠡᠨ ᠮᠤᠳᠤᠨ ᠤ ᠮᠦᠴᠢᠷ ᠰᠠᠯᠠᠭ᠎ᠠ ᠶᠢ ᠠᠪᠬᠤ ᠠᠴᠠ ᠪᠢᠰᠢ ᠤᠷᠭᠤᠵᠦ ᠪᠠᠶᠢᠭ᠎ᠠ ᠮᠤᠳᠤᠨ ᠤ ᠰᠠᠯᠠᠭ᠎ᠠ ᠨᠠᠮᠠᠭ᠎ᠠ ᠶᠢ ᠬᠤᠭᠤᠴᠠᠨ ᠠᠪᠳᠠᠭ ᠦᠭᠡᠢ᠂ ᠨᠡᠩ ᠭᠠᠭᠴᠠ ᠬᠤᠶᠠᠷ ᠮᠤᠳᠤᠨ ᠢ ᠬᠦᠨᠳᠡᠳᠡᠭ ᠦᠭᠡᠢ ᠤᠴᠢᠷ ᠲᠠᠢ᠃ ᠨᠡᠭᠦᠵᠦ ᠰᠠᠭᠤᠬᠤ ᠳᠠᠭᠠᠨ ᠪᠠᠭᠤᠴᠠᠨ ᠤ ᠭᠠᠯ ᠤᠨ ᠴᠤᠭ ᠢᠶᠠᠨ ᠯᠠᠪᠳᠠᠭᠤᠨ ᠤᠨᠳᠠᠷᠠᠭᠠᠵᠦ ᠲᠠᠯᠪᠢᠨ᠂ ᠪᠡᠯᠴᠢᠭᠡᠷ ᠤᠨ ᠲᠦᠢᠮᠡᠷ ᠭᠠᠷᠬᠤ ᠶᠢ ᠰᠡᠷᠭᠡᠶᠢᠯᠡᠳᠡᠭ᠃ ᠪᠤᠯᠠᠭ ᠱᠠᠩᠳᠠ ᠭᠤᠤᠯ ᠤᠷᠤᠰᠬᠠᠯ ᠵᠡᠷᠭᠡ ᠤᠰᠤᠨ ᠤ ᠠᠷᠢᠭᠤᠨ ᠴᠡᠪᠡᠷ ᠪᠠᠶᠢᠬᠤ ᠶᠢ ᠡᠷᠬᠢᠮᠯᠠᠵᠦ᠂ ᠭᠤᠤᠯ ᠪᠤᠯᠠᠭ ᠲᠤ ᠲᠤᠲᠤᠷ᠎ᠠ ᠬᠤᠪᠴᠠᠰᠤ ᠬᠤᠨᠠᠷ ᠢᠶᠠᠨ ᠤᠬᠢᠶᠠᠳᠠᠭ ᠦᠭᠡᠢ ᠪᠦᠭᠡᠳ ᠪᠤᠵᠠᠷ ᠪᠤᠷᠳᠠᠭ ᠶᠠᠭᠤᠮ᠎ᠠ ᠬᠢᠬᠦ ᠶᠢ ᠬᠢᠴᠢᠶᠡᠳᠡᠭ᠂ ᠢᠩᠬᠢᠵᠦ ᠬᠢᠪᠡᠯ ︽ᠯᠤᠤᠰ ᠲᠤᠭᠰᠢᠷᠠᠨ᠎ᠠ︾ ᠭᠡᠳᠡᠭ᠃ ᠡᠶᠢᠮᠦ ᠠᠴᠠ ᠲᠤᠰᠬᠠᠢ ᠰᠠᠪᠠᠨ ᠳᠤ ᠬᠢᠵᠦ ᠤᠬᠢᠶᠠᠨ᠂ ᠤᠬᠢᠶᠠᠳᠠᠰᠤ ᠪᠠᠨ ᠭᠤᠤᠯ ᠪᠤᠯᠠᠭ ᠠᠴᠠ ᠵᠠᠶᠢᠳᠠᠭᠤ ᠬᠠᠭᠤᠷᠠᠢ ᠬᠦᠪᠡᠭᠡᠨ ᠵᠦᠭ ᠴᠢᠳᠬᠤᠳᠠᠭ᠃ ᠵᠡᠷᠯᠢᠭ ᠠᠷᠢᠶᠠᠳᠠᠨ ᠵᠢᠭᠦᠷᠳᠡᠨ ᠢ ᠬᠠᠮᠠᠭᠠᠯᠠᠨ᠂ ᠠᠩ ᠭᠦᠷᠦᠭᠡ ᠬᠢᠬᠦ ᠳᠡᠭᠡᠨ ᠦᠷᠡᠵᠢᠯ ᠲᠦᠯᠵᠢᠯ ᠢ ᠨᠢ ᠠᠩᠬᠠᠷᠴᠤ᠂ ᠵᠡᠭᠡᠷ᠎ᠡ ᠲᠠᠷᠪᠠᠭ᠎ᠠ ᠵᠡᠷᠭᠡ ᠠᠮᠢᠳᠠᠨ ᠬᠦᠬᠦᠳᠡᠨ ᠢ ᠠᠩᠬᠠᠷᠴᠤ᠂ ᠡᠷ᠎ᠡ ᠰᠤᠪᠠᠢ ᠨᠠᠰᠤ ᠭᠦᠢᠴᠡᠭᠰᠡᠨ ᠢ ᠨᠢ ᠠᠩᠨᠠᠬᠤ ᠠᠴᠠ ᠪᠢᠰᠢ ᠢᠨᠵᠠᠭ᠎ᠠ ᠪᠤᠶᠤ ᠮᠦᠨᠳᠡᠢ ᠵᠡᠷᠭᠡ ᠵᠤᠯᠵᠠᠭ᠎ᠠ ᠠᠮᠢᠳᠠᠨ ᠢ ᠳᠠᠯᠪᠢᠳᠠᠭ ᠶᠤᠮ᠃ ᠵᠢᠭᠦᠷᠳᠡᠨ ᠰᠢᠪᠡᠭᠤᠳ ᠢ ᠠᠯᠠᠳᠠᠭ ᠦᠭᠡᠢ ᠪᠦᠭᠡᠳ ᠪᠤᠯᠵᠤᠮᠤᠷ ᠤᠨ ᠦᠨᠳᠡᠭᠡ ᠳᠡᠭᠡᠷ᠎ᠡ ᠰᠡᠭᠦᠳᠡᠷ ᠢᠶᠠᠨ ᠴᠤ ᠲᠤᠰᠬᠠᠵᠦ ᠪᠤᠯᠳᠠᠭ ᠦᠭᠡᠢ ᠵᠠᠩᠰᠢᠯ ᠲᠠᠢ᠂ ︽ᠰᠡᠭᠦᠳᠡᠷ ᠢᠶᠠᠨ ᠲᠤᠰᠬᠠᠴᠢᠪᠠᠯ ᠦᠨᠳᠡᠭᠡ ᠦᠬᠦᠴᠢᠭᠡᠨ᠎ᠡ᠂ ᠲᠡᠭᠡᠪᠡᠯ ᠨᠢᠭᠦᠯ ᠪᠤᠯᠤᠨ᠎ᠠ︾ ᠭᠡᠵᠦ ᠬᠡᠤᠬᠡᠳ ᠪᠠᠭᠠᠴᠤᠳ ᠲᠤ ᠠᠩᠬᠠᠷᠤᠭᠤᠯᠳᠠᠭ ᠶᠤᠮ᠃ ᠡᠯᠢᠶ᠎ᠡ ᠲᠤᠭᠤᠷᠤᠤ ᠪᠤᠶᠤ ᠲᠡᠭᠦᠨ ᠤ ᠦᠨᠳᠡᠭᠡ ᠵᠤᠯᠵᠠᠭ᠎ᠠ ᠶᠢ ᠨᠢ ᠠᠯᠠᠪᠠᠯ ᠬᠠᠷᠢᠶᠠᠯ ᠬᠦᠷᠦᠨ᠎ᠡ ᠭᠡᠵᠦ ᠴᠢᠩᠭ᠎ᠠ ᠴᠡᠭᠡᠷᠯᠡᠭᠦᠯᠳᠡᠭ᠂ ᠨᠡᠩ ᠪᠤᠭᠤ ᠰᠤᠭᠤ ᠶᠢ ᠨᠠᠮᠨᠠᠬᠤ ᠦᠭᠡᠢ᠂ ᠪᠤᠭᠤ ᠪᠤᠯ ᠮᠢᠩᠭᠠᠨ ᠨᠠᠰᠤ ᠲᠠᠢ ᠠᠮᠢᠳᠠᠨ᠂ ᠨᠠᠰᠤᠨ ᠬᠤᠳᠤᠭ ᠪᠤᠭᠤᠨᠢᠰᠤᠨ᠎ᠠ ᠭᠡᠳᠡᠭ᠃      ⑷ ᠬᠦᠮᠦᠨ ᠪᠤᠯᠬᠤ ᠶᠢᠨ ᠦᠨᠳᠦᠰᠦᠨ      ᠦᠵᠦᠮᠦᠴᠢᠨᠴᠤᠳ ᠶᠡᠷᠦ ᠨᠢ ᠬᠡᠤᠬᠡᠳ ᠢ ᠬᠠᠷᠠᠬᠠᠨ ᠪᠠᠭ᠎ᠠ ᠠᠴᠠ ᠨᠢ ᠮᠤᠷᠢ ᠤᠨᠤᠭᠠᠨ ᠳᠤ ᠲᠠᠰᠬᠠᠬᠤ᠂ ᠬᠠᠷᠪᠤᠵᠦ ᠨᠠᠮᠨᠠᠬᠤ ᠶᠢ ᠮᠡᠳᠡᠭᠦᠯᠬᠦ᠂ ᠪᠦᠭᠡ ᠪᠠᠷᠢᠯᠳᠤᠭᠤᠯᠵᠦ ᠰᠤᠷᠭᠠᠬᠤ᠂ ᠭᠡᠷ ᠤᠨ ᠠᠳᠠᠯ ᠬᠢᠳᠡᠯ ᠢ ᠬᠢᠵᠦ ᠰᠤᠷᠭᠠᠬᠤ ᠵᠡᠷᠭᠡ ᠶᠠᠪᠤᠳᠠᠯ ᠢ ᠴᠢᠩᠳᠠᠯᠠᠨ ᠠᠩᠬᠠᠷᠴᠤ᠂ ᠬᠤᠶᠢᠴᠢᠰ ᠢᠶᠠᠨ ᠰᠦᠰᠦ ᠵᠤᠷᠢᠭ ᠲᠠᠢ᠂ ᠤᠢ ᠤᠬᠠᠭᠠᠨ ᠰᠠᠶᠢᠨ᠂ ᠠᠵᠢᠯᠴᠢ ᠬᠦᠳᠡᠯᠮᠦᠷᠢᠴᠢ ᠬᠦᠮᠦᠨ ᠪᠤᠯᠭᠠᠨ ᠬᠦᠮᠦᠵᠢᠭᠦᠯᠬᠦ ᠶᠢ ᠡᠷᠬᠢᠮᠯᠡᠨ᠎ᠡ᠃      ᠲᠦᠷᠪᠡ ᠲᠠᠪᠤ ᠨᠠᠰᠤᠯᠠᠮᠠᠭᠴᠠ ᠬᠦᠤ ᠪᠢᠴᠢᠬᠠᠨ ︵ᠬᠡᠤᠬᠡᠨ︶ ᠭᠡᠰᠡᠡ ᠦᠭᠡᠢ ᠨᠤᠮᠤᠬᠠᠨ ᠮᠤᠷᠢᠨ ᠳᠡᠭᠡᠷ᠎ᠡ ᠲᠡᠪᠡᠷᠢᠵᠦ ᠲᠠᠯᠪᠢᠭᠠᠳ ᠡᠮᠡᠭᠡᠯ ᠤᠨ ᠪᠦᠭᠦᠷᠭᠡ ᠠᠴᠠ ᠨᠢ ᠪᠠᠷᠢᠭᠤᠯᠵᠦ᠂ ᠦᠪᠡᠷᠰᠡᠳ ᠢᠶᠠᠨ ᠬᠦᠳᠦᠯᠦᠨ ᠠᠭᠠᠵᠢᠮ ᠶᠠᠪᠤᠭᠤᠯᠵᠦ ᠲᠠᠰᠬᠠᠭᠰᠠᠨ ᠢᠶᠠᠨ ᠶᠠᠪᠤᠭᠠᠨ ᠳᠠᠭᠠᠨ ᠴᠤᠯᠪᠤᠭᠤᠷ ᠢ ᠨᠢ ᠬᠡᠤᠬᠡᠳ ᠲᠡᠭᠡᠨ ᠦᠭᠴᠤ ᠪᠡᠶ᠎ᠡ ᠠᠴᠠ ᠪᠠᠨ ᠵᠠᠶᠢᠳᠠᠭᠤᠯᠵᠦ ᠠᠯᠬᠤᠭᠤᠯᠵᠦ ᠰᠤᠷᠭᠠᠳᠠᠭ᠃ ᠦᠷᠯᠦᠭᠡ ᠤᠷᠤᠢ ᠳᠠᠭᠠᠨ ᠮᠤᠷᠢ ᠪᠠᠨ ᠪᠠᠷᠢᠬᠤ ᠪᠤᠶᠤ ᠠᠷᠭᠠᠮᠵᠢᠵᠦ ᠲᠠᠯᠪᠢᠬᠤ ᠳᠠᠭᠠᠨ ᠬᠡᠤᠬᠡᠳ ᠢᠶᠠᠨ ᠮᠤᠷᠢᠨ ᠳᠡᠭᠡᠷ᠎ᠡ ᠵᠠᠶᠢᠳᠠᠩ ᠤᠨᠤᠭᠤᠯᠵᠦ ᠮᠤᠨᠳᠠᠭ᠎ᠠ ᠠᠴᠠ ᠨᠢ ᠪᠠᠷᠢᠭᠤᠯᠵᠦ ᠲᠠᠭᠠᠭᠤᠯᠤᠨ ᠭᠦᠳᠦᠯᠵᠦ ᠶᠠᠪᠤᠳᠠᠭ᠃ ᠡᠨᠡ ᠮᠡᠳᠦ ᠪᠠᠷ ᠤᠯᠠᠨ ᠲᠠᠪᠳᠠᠬᠤ ᠳᠤ ᠬᠡᠤᠬᠡᠳ ᠮᠤᠷᠢᠨ ᠳᠠᠭᠠᠨ ᠲᠠᠰᠴᠤ᠂ ᠤᠨᠤᠬᠤ ᠤᠷᠮ᠎ᠠ ᠲᠠᠢ ᠪᠤᠯᠳᠠᠭ᠃ ᠡᠨᠡ ᠬᠤᠭᠤᠴᠠᠭᠠᠨ ᠳᠤ ᠮᠤᠷᠢ ᠪᠠᠨ ᠲᠦᠷᠦᠭᠡᠯᠡᠵᠦ ᠰᠤᠷᠭᠠᠬᠤ᠂ ᠲᠠᠪᠢᠷᠴᠤ ᠶᠠᠪᠤᠭᠤᠯᠵᠦ ᠰᠤᠷᠭᠠᠬᠤ᠂ ᠵᠢᠯᠤᠭᠤ ᠪᠠᠨ ᠳᠠᠳᠠᠵᠦ ᠵᠤᠭᠰᠤᠭᠠᠬᠤ ᠵᠡᠷᠭᠡ ᠶᠢ ᠵᠢᠭᠠᠨ᠎ᠡ᠃      ᠵᠢᠷᠭᠤᠭ᠎ᠠ ᠲᠤᠯᠤᠭᠠᠨ ᠨᠠᠰᠤᠨ ᠳᠤ ᠬᠦᠷᠴᠤ ᠵᠤᠷᠢᠭ ᠨᠢ ᠴᠢᠩᠭᠠᠷᠠᠨ ᠵᠢᠷᠦᠬᠡ ᠨᠢ ᠪᠦᠳᠦᠭᠦᠷᠡᠵᠦ ᠢᠷᠡᠬᠦ ᠳᠤ ᠠᠰᠳᠠᠭᠠᠨ ᠮᠤᠷᠢ ᠤᠨᠤᠭᠤᠯᠵᠦ᠂ ᠬᠤᠨᠢ ᠮᠠᠯ ᠪᠤᠶᠤ ᠰᠠᠳᠤᠨ ᠲᠦᠷᠦᠯ ᠳᠤᠨᠢ ᠬᠦᠷᠬᠦ ᠪᠠᠷ ᠲᠠᠭᠠᠭᠤᠯᠵᠦ ᠶᠠᠪᠤᠳᠠᠭ᠃ ᠡᠨᠡ ᠦᠶ᠎ᠡ ᠳᠤ ᠦᠪᠡᠷᠳᠡᠭᠡᠨ ᠮᠤᠷᠳᠡᠵᠦ ᠰᠤᠷᠭᠠᠬᠤ᠂ ᠲᠤᠩᠰᠢᠭᠤᠯᠵᠦ ᠰᠤᠷᠭᠠᠬᠤ᠂ ᠴᠢᠨᠠᠭᠰᠢᠯᠠᠪᠠᠯ ᠴᠤᠭᠬᠢᠭᠤᠯᠵᠦ ᠲᠠᠪᠬᠢᠭᠤᠯᠵᠦ ᠰᠤᠷᠭᠠᠨ᠎ᠡ᠂ ᠢᠩᠭᠢᠪᠡᠯ ᠮᠤᠷᠢᠨ ᠳᠤ ᠨᠡᠯᠢᠶᠡᠳ ᠪᠤᠯᠪᠠᠰᠤᠷᠠᠩᠭᠤᠢ ᠪᠤᠯᠴᠢᠬᠠᠳᠠᠭ᠃      ᠨᠠᠢᠮᠨ ᠶᠢᠰᠦ ᠬᠦᠷᠦᠭᠰᠡᠭᠡᠷ ᠡᠮᠡᠭᠡᠯ ᠲᠠᠢ ᠮᠤᠷᠢ ᠤᠨᠤᠬᠤ ᠳᠤ ᠴᠢᠳᠠᠮᠠᠭᠠᠢ ᠪᠤᠯᠵᠦ ᠭᠠᠭᠴᠠᠭᠠᠷ ᠢᠶᠠᠨ ᠮᠤᠷᠳᠡᠵᠦ ᠪᠠᠭᠤᠬᠤ᠂ ᠮᠤᠷᠢ ᠪᠠᠨ ᠤᠶᠠᠭᠠᠳ ᠰᠤᠷᠴᠢᠬᠠᠳᠠᠭ ᠪᠦᠭᠡᠳ ᠮᠤᠷᠢ ᠡᠵᠡᠮᠰᠢᠬᠦ ᠴᠢᠳᠠᠯ ᠲᠠᠢ ᠪᠤᠯᠳᠠᠭ ᠮᠦᠷᠳᠡᠭᠡᠨ ᠰᠤᠷᠢᠭᠠᠨ ᠤ ᠮᠤᠷᠢ ᠤᠨᠤᠵᠦ ᠤᠷᠤᠯᠳᠤᠭᠠᠨ ᠳᠤ ᠤᠷᠤᠯᠴᠠᠬᠤ ᠪᠠᠷ ᠪᠤᠯᠴᠢᠬᠠᠳᠠᠭ᠃ ᠡᠨᠡ ᠦᠶ᠎ᠡ ᠪᠤᠯᠪᠠᠯ ᠬᠡᠤᠬᠡᠳ ᠢ ᠬᠤᠨᠢ ᠬᠦᠳᠡᠯᠭᠡᠬᠦ᠂ ᠬᠤᠨᠢ ᠡᠷᠭᠢᠬᠦᠯᠬᠦ᠂ ᠲᠤᠭᠤᠯ ᠲᠠᠢ ᠦᠨᠢᠶ᠎ᠡ ᠬᠤᠷᠢᠶᠡᠬᠤ ᠵᠡᠷᠭᠡ ᠤᠶᠢᠷ᠎ᠠ ᠵᠠᠭᠤᠷ᠎ᠠ ᠶᠢᠨ ᠠᠵᠢᠯ ᠳᠤ ᠵᠠᠷᠤᠵᠦ ᠰᠤᠷᠭᠠᠨ᠎ᠠ᠃ ᠬᠡᠤᠬᠡᠳ ᠢ ᠮᠤᠷᠢ ᠤᠨᠤᠭ᠎ᠠ᠂ ᠠᠵᠢᠯ ᠬᠢᠳᠡᠯ ᠳᠤ ᠵᠠᠷᠤᠬᠤ ᠳᠠᠭᠠᠨ ᠠᠬᠠᠰ ᠵᠠᠬᠠᠰ ᠨᠢ ᠢᠮᠠᠭᠳᠠ ︽ᠢᠩᠬᠢᠵᠦ ᠬᠢ᠂ ᠴᠢᠩᠬᠢᠵᠦ ᠶᠠᠪᠤ︾᠂ ︽ᠡᠭᠦᠨ ᠢ ᠨᠢ ᠬᠢᠴᠢᠶᠡ᠂ ᠲᠡᠭᠦᠨ ᠢ ᠨᠢ ᠠᠩᠬᠠᠷ︾ ᠭᠡᠵᠦ ᠦᠢᠯᠡ ᠶᠠᠪᠤᠳᠠᠯ ᠢ ᠰᠤᠷᠭᠠᠬᠤ ᠠᠳᠠᠯ᠎ᠠ ᠪᠠᠨ ᠪᠠᠰᠠ ᠵᠢᠮ᠎ᠡ ᠭᠤᠷᠢᠮ ᠢ ᠨᠢ ᠦᠷᠭᠦᠯᠵᠢ ᠵᠢᠭᠠᠵᠦ ᠡᠵᠡᠮᠰᠢᠭᠦᠯᠤᠨ᠎ᠠ᠃      ᠮᠠᠯᠴᠢᠨ ᠬᠡᠤᠬᠡᠳ ᠲᠤᠮᠤᠷᠠᠬᠤ ᠲᠤᠰᠤᠮ ᠢᠶᠠᠨ ᠮᠤᠷᠢᠨ ᠤ ᠶᠠᠪᠤᠳᠠᠯ ᠢ ᠡᠵᠡᠮᠰᠢᠬᠦ ᠪᠤᠯᠵᠦ᠂ ᠮᠤᠷᠢᠨ ᠤ ᠦᠢᠯᠡ ᠶᠢ ᠡᠵᠡᠮᠰᠢᠬᠦ ᠲᠤᠰᠤᠮ ᠢᠶᠠᠨ ᠮᠠᠯᠵᠢᠬᠤ ᠦᠢᠯᠡ ᠶᠠᠪᠤᠳᠠᠯ ᠢ ᠲᠡᠳᠦᠢ ᠬᠢᠵᠦ ᠮᠡᠳᠡᠬᠦ ᠪᠤᠯᠵᠦ ᠪᠤᠯᠪᠠᠰᠤᠷᠠᠳᠠᠭ᠃ ᠮᠡᠯᠴᠢᠨ ᠬᠡᠤᠬᠡᠳ ᠠᠷᠪᠠ ᠭᠠᠷᠪᠠᠯ ᠪᠠᠷᠤᠭᠳᠠᠢ ᠨᠤᠮᠤᠬᠠᠨ ᠮᠤᠷᠢᠳ ᠢ ᠤᠨᠤᠵᠦ ᠡᠳ᠋ᠯᠡᠬᠦ ᠪᠠᠷ ᠪᠤᠯᠴᠢᠬᠠᠳᠠᠭ ᠪᠤᠯᠬᠤᠷ ᠨᠤᠭᠳᠤ ᠬᠠᠵᠠᠭᠠᠷ ᠵᠠᠩᠭᠢᠳᠴᠤ ᠡᠮᠡᠭᠡᠯ ᠵᠢᠮᠰᠡᠭ ᠵᠠᠰᠠᠵᠦ ᠦᠭᠬᠦ᠂ ᠮᠤᠷᠢ ᠪᠠᠷᠢᠵᠦ ᠦᠭᠭᠦᠨ ᠲᠤᠰᠠᠭᠠᠷ ᠨᠢ ᠡᠵᠡᠮᠰᠢᠭᠦᠯᠵᠦ᠂ ᠮᠤᠷᠢ ᠪᠠᠨ ᠦᠷᠯᠦᠭᠡ ᠦᠳᠡᠰᠢ ᠪᠠᠷᠢᠵᠦ ᠳᠠᠯᠪᠢᠬᠤ᠂ ᠡᠮᠡᠭᠡᠯ ᠢᠶᠠᠨ ᠲᠤᠬᠤᠵᠦ ᠤᠯᠤᠩ ᠴᠢᠪᠢᠯᠠᠭᠤᠷ ᠢᠶᠠᠨ ᠴᠢᠩᠭᠠᠯᠠᠵᠦ ᠴᠢᠳᠠᠬᠤ ᠪᠠᠷ ᠪᠤᠯᠴᠢᠬᠠᠨ᠎ᠠ᠃      ᠡᠭᠦᠨ ᠠᠴᠠ ᠡᠬᠢᠯᠡᠵᠦ᠂ ᠬᠤᠨᠢᠨ ᠳᠤ ᠶᠠᠪᠤᠬᠤ᠂ ᠦᠬᠡᠷ ᠬᠤᠷᠢᠶᠠᠬᠤ ᠵᠡᠷᠭᠡ ᠮᠠᠯᠵᠢᠬᠤ ᠦᠢᠯᠡᠳᠪᠤᠷᠢᠯᠡᠯ ᠤᠨ ᠠᠵᠢᠯ ᠳᠤ ᠤᠷᠤᠯᠴᠠᠨ᠂ ᠮᠠᠯᠵᠢᠯᠭ᠎ᠠ ᠶᠢᠨ ᠮᠡᠳᠡᠯᠭᠡ ᠶᠢ ᠪᠠᠭ᠎ᠠ ᠠᠴᠠ ᠪᠠᠨ ᠡᠵᠡᠮᠰᠢᠵᠦ ᠡᠬᠢᠯᠡᠨ᠎ᠡ᠃ ᠬᠦᠤᠴᠤᠤᠯ ᠪᠤᠯ ᠴᠢᠳᠠᠯ ᠬᠦᠴᠦᠨ ᠨᠡᠮᠡᠭᠳᠡᠬᠦ ᠲᠤᠳᠤᠮ ᠡᠮᠨᠢᠭ ᠲᠤᠭᠰᠢᠨ ᠲᠠᠢ ᠨᠤᠴᠤᠯᠳᠤᠨ ᠡᠷ᠎ᠡ ᠴᠢᠳᠠᠯ ᠢᠶᠠᠷ ᠢᠶᠠᠨ ᠰᠤᠷᠭᠠᠬᠤ ᠪᠤᠶᠤ ᠴᠢᠨᠠᠭᠰᠢᠯᠠᠪᠠᠯ ᠮᠤᠷᠢ ᠲᠠᠪᠬᠢᠭᠤᠯᠤᠨ ᠮᠤᠷᠢ ᠤᠷᠭᠠᠯᠠᠵᠦ ᠰᠤᠷᠳᠠᠭ ᠢᠶᠠᠷ ᠤᠨᠤᠬᠤ ᠮᠤᠷᠢ᠂ ᠤᠷᠭᠠᠨ ᠮᠤᠷᠢ ᠲᠠᠢ ᠪᠤᠯᠵᠦ᠂ ᠠᠳᠤᠭᠤ ᠮᠠᠯ ᠢ ᠪᠡᠶ᠎ᠡ ᠪᠠᠨ  ᠲᠠᠭᠠᠭᠠᠵᠦ ᠰᠠᠨᠠᠭᠠᠨ ᠲᠡᠪᠡ ᠢᠶᠠᠷ ᠢᠶᠠᠨ ᠡᠵᠡᠮᠳᠡᠵᠦ ᠴᠢᠳᠠᠬᠤ ᠪᠤᠯᠳᠠᠭ᠃      ᠬᠡᠤᠬᠡᠳ ᠢ ᠪᠠᠭ᠎ᠠ ᠠᠴᠠ ᠨᠢ ᠠᠵᠢᠯ ᠬᠦᠳᠡᠯᠮᠦᠷᠢ ᠳᠤ ᠤᠷᠤᠯᠴᠠᠭᠤᠯᠤᠨ ᠰᠤᠷᠭᠠᠳᠠᠭ᠂ ᠤᠩᠭᠠᠰᠤ ᠲᠡᠭᠦᠯᠭᠡᠬᠦ᠂ ᠬᠦᠯᠳᠡᠭᠦᠰᠦ ᠤᠪᠤᠭᠠᠯᠠᠬᠤ᠂ ᠬᠤᠨᠢ ᠵᠤᠯᠭᠤᠭᠠᠬᠤ ᠢᠮᠠᠭ᠎ᠠ ᠰᠠᠮᠨᠠᠭᠤᠯᠬᠤ᠂ ᠤᠶᠢᠷᠠᠯᠴᠠᠭ᠎ᠠ ᠬᠤᠨᠢᠨ ᠳᠤ ᠭᠦᠶᠦᠯᠭᠡᠬᠦ᠂ ᠲᠤᠭᠤᠯ ᠬᠠᠷᠢᠭᠤᠯᠵᠦ ᠤᠰᠤᠯᠠᠬᠤ᠂ ᠦᠨᠢᠶ᠎ᠡ ᠬᠤᠷᠢᠶᠡᠵᠦ ᠢᠷᠡᠭᠦᠯᠬᠦ᠂ ᠮᠤᠷᠢ ᠪᠠᠷᠢᠭᠤᠯᠬᠤ᠂ ᠮᠠᠯ ᠵᠢᠰᠦᠯᠡᠭᠦᠯᠬᠦ᠂ ᠨᠡᠩ ᠡᠮᠡᠭᠳᠡᠢ ᠬᠡᠤᠬᠡᠳ ᠪᠤᠯ ᠬᠤᠨᠢ ᠢᠮᠠᠭ᠎ᠠ ᠲᠠᠳᠠᠬᠤ᠂ ᠦᠨᠢᠶ᠎ᠡ ᠲᠤᠭᠤᠯ ᠢᠪᠢᠯᠭᠡᠵᠦ ᠰᠠᠭᠠᠬᠤ᠂ ᠬᠤᠷᠠᠭ᠎ᠠ ᠢᠰᠢᠭᠡ ᠤᠭᠵᠢᠳᠠᠬᠤ᠂ ᠦᠢᠯᠡ ᠤᠶᠤᠳᠠᠯ ᠰᠤᠷᠭᠠᠬᠤ ᠵᠡᠷᠭᠡ ᠦᠢᠯᠡᠳᠪᠦᠷᠢᠯᠡᠯ ᠠᠮᠢᠳᠤᠷᠠᠯ ᠤᠨ ᠠᠵᠢᠯᠯᠠᠭᠠᠨ ᠳᠤ ᠤᠷᠤᠯᠴᠠᠬᠤ ᠪᠠᠷ ᠳᠠᠮᠵᠢᠨ ᠭᠡᠷ ᠤᠨ ᠬᠦᠮᠦᠰ ᠤᠨ ᠬᠦᠮᠦᠵᠢᠯ ᠢᠶᠠᠷ ᠰᠤᠷᠴᠤ ᠡᠬᠢᠯᠡᠨ ᠡᠵᠡᠮᠰᠢᠳᠡᠭ᠃ ᠡᠭᠦᠨ ᠢᠶᠠᠷ ᠪᠠᠷᠠᠬᠤ ᠦᠭᠡᠢ ᠬᠦᠤᠴᠤᠤᠯ ᠢ ᠪᠠᠭ᠎ᠠ ᠠᠴᠠ ᠨᠢ ᠪᠦᠬᠡ ᠪᠠᠷᠢᠯᠳᠤᠨ ᠴᠢᠳᠠᠯ ᠬᠦᠴᠦᠨ ᠢᠶᠠᠨ ᠮᠦᠷᠦᠶᠢᠴᠡᠬᠦ ᠶᠢ ᠰᠤᠷᠭᠠᠵᠦ᠂ ᠬᠤᠭᠤᠷᠤᠨᠳᠤ ᠨᠢ ᠪᠠᠷᠢᠯᠳᠤᠭᠤᠯᠬᠤ᠂ ᠬᠤᠨᠢ ᠮᠠᠯ ᠳᠤ ᠶᠠᠪᠤᠬᠤ ᠳᠠᠭᠠᠨ ᠪᠠᠷᠢᠯᠳᠤᠵᠦ ᠪᠤᠯᠪᠠᠰᠤᠷᠠᠬᠤ᠂ ᠶᠡᠬᠡᠰ ᠠᠴᠠ ᠲᠦᠬᠦᠮ ᠠᠷᠭ᠎ᠠ ᠮᠡᠷᠭᠡᠵᠢᠯ ᠵᠢᠭᠠᠵᠦ ᠦᠭᠬᠦ᠂ ᠴᠢᠨᠠᠭᠰᠢᠯᠠᠪᠠᠯ ᠪᠦᠬᠡ ᠶᠢᠨ ᠪᠤᠯᠪᠠᠰᠤᠷᠠᠯ ᠳᠤ ᠶᠠᠪᠤᠭᠤᠯᠵᠦ ᠨᠠᠶᠢᠷ ᠲᠤ ᠤᠷᠤᠭᠤᠯᠤᠨ ᠤᠶᠤᠨ ᠤᠬᠠᠭᠠᠨ ᠴᠢᠳᠠᠯ ᠬᠦᠴᠦᠨ ᠲᠠᠢ ᠪᠤᠯᠭᠠᠨ ᠬᠦᠮᠦᠵᠢᠭᠦᠯᠳᠡᠭ ᠤᠴᠢᠷ ᠲᠠᠢ᠃      ᠨᠡᠭᠦᠳᠡᠯ ᠮᠠᠯᠵᠢᠯ ᠤᠨ ᠤᠨᠴᠠᠭᠠᠢ ᠦᠢᠯᠡ ᠠᠵᠢᠯᠯᠠᠭᠠᠨ ᠠᠴᠠ ᠪᠤᠯᠵᠦ᠂ ᠡᠷᠡᠭᠳᠡᠢ ᠡᠮᠡᠭᠳᠡᠢ ᠶᠢᠨ ᠠᠵᠢᠯ ᠤᠨ ᠬᠤᠪᠢᠶᠠᠷᠢ ᠠᠳᠠᠯᠢ ᠦᠭᠡᠢ ᠪᠠᠶᠢᠳᠠᠭ᠃ ᠤᠯᠠᠩᠬᠢ ᠳᠠᠭᠠᠨ ᠬᠦᠤᠴᠤᠤᠯ ᠢ ᠭᠡᠷ ᠤᠨ ᠭᠠᠳᠠᠨᠠᠬᠢ ᠠᠵᠢᠯ ᠳᠤ ᠭᠤᠤᠯᠳᠠᠭᠤᠯᠵᠦ᠂ ᠮᠠᠯ ᠬᠠᠷᠢᠭᠤᠯᠬᠤ᠂ ᠡᠮᠨᠢᠭ ᠲᠤᠭᠰᠢᠨ ᠰᠤᠷᠭᠠᠬᠤ᠂ ᠰᠤᠷ ᠡᠯᠳᠡᠬᠦ᠂ ᠮᠤᠷᠢᠨ ᠤ ᠡᠳ᠋ᠯᠡᠯ ᠬᠢᠬᠦ᠂ ᠠᠯᠠᠵᠦ ᠨᠢᠳᠤᠯᠠᠬᠤ᠂ ᠠᠶᠠᠨ ᠲᠠᠷᠠᠨ ᠳᠤ ᠶᠠᠪᠤᠬᠤ ᠵᠡᠷᠭᠡ ᠴᠢᠳᠠᠯ ᠬᠦᠴᠦ ᠬᠡᠷᠡᠭᠰᠡᠬᠦ ᠠᠵᠢᠯ ᠳᠤ ᠤᠷᠤᠯᠴᠠᠭᠤᠯᠤᠨ᠂ ᠬᠡᠤᠬᠡᠨᠴᠤᠤᠯ ᠢ ᠭᠡᠷ ᠲᠤᠲᠤᠷᠠᠬᠢ ᠠᠵᠢᠯ ᠳᠤ ᠭᠤᠤᠯᠳᠠᠭᠤᠯᠵᠦ᠂ ᠦᠢᠯᠡ ᠤᠶᠤᠳᠠᠯ ᠰᠤᠷᠭᠠᠬᠤ᠂ ᠭᠡᠷ ᠴᠡᠪᠡᠷᠯᠡᠬᠦ᠂ ᠬᠤᠭᠤᠯᠠ ᠴᠠᠢ ᠪᠡᠯᠡᠳᠦᠬᠦ᠂ ᠠᠷᠭᠠᠯ ᠤᠰᠤ ᠤᠷᠤᠭᠤᠯᠬᠤ᠂ ᠦᠨᠢᠶ᠎ᠡ ᠰᠠᠭᠠᠬᠤ᠂ ᠴᠠᠭᠠᠨ ᠢᠳᠡᠭᠡᠨ ᠪᠤᠯᠪᠠᠰᠤᠷᠠᠭᠤᠯᠬᠤ ᠵᠡᠷᠭᠡ ᠬᠦᠴᠦ ᠬᠦᠩᠭᠡᠨ ᠭᠡᠷ ᠤᠨ ᠲᠤᠳᠤᠭᠠᠳᠤ ᠠᠵᠢᠯ ᠳᠤ ᠲᠠᠰᠬᠠᠳᠠᠭ᠃                    ᠭᠤᠷᠪᠠ᠂  ᠲᠤᠤᠯᠢ ᠶᠢᠨ ᠲᠠᠩᠰᠤᠭ ᠦᠵᠦᠮᠦᠴᠢᠨ      ⒈  ᠠᠬᠠᠮᠠᠳ ᠤᠨ ᠠᠯᠳᠠᠨ ᠰᠤᠷᠭᠠᠯ      ᠪᠠᠭ᠎ᠠ ᠪᠠᠶᠢᠬᠤ ᠳᠤ ᠪᠢ ᠡᠪᠦᠭᠡᠳ ᠪᠤᠭᠤᠷᠤᠯ ᠠᠴᠠ ᠦᠯᠢᠭᠡᠷ ᠲᠤᠮᠤᠭ᠂ ᠤᠨᠢᠰᠤᠭ᠎ᠠ ᠲᠠᠭᠠᠪᠤᠷᠢ᠂ ᠦᠤᠬᠡ ᠲᠡᠤᠬᠡ ᠰᠤᠨᠤᠰᠬᠤ ᠲᠤᠷᠠᠳᠠᠢ᠂ ᠵᠤᠨ ᠨᠠᠮᠤᠷ ᠤᠨ ᠴᠠᠭ ᠲᠤ᠂ ᠴᠡᠴᠡᠭ ᠤᠨ ᠲᠤᠮᠳᠠ ᠡᠷᠪᠡᠭᠡᠢ ᠬᠦᠭᠡᠴᠡᠯᠳᠤᠨ ᠴᠠᠷᠴᠠᠬᠠᠢ ᠲᠤᠭᠤᠬᠤ ᠪᠠᠷ ᠵᠤᠭ᠎ᠠ ᠪᠤᠯᠭᠠᠵᠦ ᠨᠠᠭᠠᠳᠤᠳᠠᠭ ᠪᠠᠶᠢᠭᠰᠠᠨ ᠳ᠋ᠠ᠃ ᠡᠭᠦᠨ ᠳᠤ ᠠᠬᠠᠮᠠᠳ ᠨᠠᠷ ᠠᠴᠠ᠄ ︽ᠲᠠᠨᠠᠷ᠂ ᠬᠠᠷᠢᠨ ᠬᠡᠬᠡᠷ᠎ᠡ ᠶᠠᠪᠤᠬᠤ ᠳᠠᠭᠠᠨ ᠰᠢᠪᠠᠭᠤ ᠶᠢᠨ ᠦᠨᠳᠡᠭᠡ ᠶᠢ ᠬᠠᠭᠠᠯᠵᠦ ᠪᠤᠯᠬᠤ ᠦᠭᠡᠢ ᠮᠦᠷᠳᠡᠭᠡᠨ ᠰᠡᠭᠦᠳᠡᠷ ᠢᠶᠠᠨ ᠴᠤ ᠲᠤᠰᠬᠠᠵᠦ ᠪᠤᠯᠬᠤ ᠦᠭᠡᠢ᠂ ᠲᠤᠰᠬᠠᠪᠠᠯ ᠦᠨᠳᠡᠭᠡ ᠦᠭᠦᠴᠢᠭᠡᠨ᠎ᠡ᠂ ᠨᠢᠭᠦᠯ ᠪᠤᠯᠤᠨ᠎ᠠ ᠰᠢᠤ᠂ ᠲᠤᠭᠤᠷᠤᠤ ᠶᠢᠨ ᠦᠨᠳᠡᠭᠡ ᠶᠢ ᠬᠠᠭᠠᠯᠪᠠᠯ ᠬᠠᠷᠢᠶᠠᠯ ᠢᠷᠡᠨ᠎ᠡ᠂ ᠡᠯᠢᠶ᠎ᠡ ᠶᠢᠨ ᠦᠨᠳᠡᠭᠡ ᠶᠢ ᠬᠠᠭᠠᠯᠪᠠᠯ ᠪᠤᠵᠠᠷ ᠢᠷᠡᠨ᠎ᠡ︾ ᠭᠡᠬᠦ ᠮᠡᠳᠦ ᠪᠠᠷ ᠠᠶᠤᠯᠭᠠᠳᠠᠭ ᠢᠶᠠᠷ ᠪᠢᠳᠡ ᠲᠤᠩ ᠬᠢᠴᠢᠶᠡᠵᠦ᠂ ᠪᠢᠯᠵᠤᠤᠬᠠᠢ ᠶᠢᠨ ᠦᠨᠳᠡᠭᠡ ᠶᠢ ᠨᠠᠷᠠᠨ ᠲᠠᠯ᠎ᠠ ᠠᠴᠠ ᠨᠢ ᠢᠷᠡᠵᠦ ᠰᠤᠨᠢᠷᠬᠠᠳᠠᠭ ᠶᠤᠮᠰᠠᠨ᠃      ᠬᠦᠳᠡᠭᠡ ᠶᠢᠨ ᠠᠶᠢᠯ ᠶᠡᠷᠦ ᠨᠢ ᠬᠡᠤᠬᠡᠳ ᠪᠠᠭᠠᠴᠦᠳ ᠲᠠᠭᠠᠨ ᠦᠯᠢᠭᠡᠷ ᠬᠡᠯᠡᠵᠦ ᠦᠭᠬᠦ ᠪᠠ ᠤᠨᠢᠰᠤᠭ᠎ᠠ ᠲᠠᠭᠠᠯᠭᠠᠵᠦ ᠤᠶᠤᠨ ᠢ ᠨᠢ ᠨᠡᠭᠡᠭᠡᠯᠭᠡᠬᠦ ᠵᠠᠩᠰᠢᠯ ᠲᠠᠢ᠂ ᠬᠠᠪᠤᠷ  ᠤᠨ ᠨᠢᠭᠡᠨ ᠤᠷᠤᠢ ᠪᠢ ᠠᠪᠠᠭ᠎ᠠ ᠠᠪᠤ ᠶᠢᠨ ᠳᠠᠭᠠᠨ ᠬᠤᠨᠤᠬᠤ ᠳᠤ᠂ ᠡᠵᠢ ᠠᠴᠠ᠄ ︽ᠵᠠ᠂ ᠬᠤᠨᠤᠴᠢ ᠬᠦᠮᠦᠨ ᠠᠶᠢᠯ ᠳᠤ ᠬᠤᠨᠤᠪᠠᠯ ᠬᠤᠶᠠᠷ ᠦᠯᠢᠭᠡᠷ ᠬᠤᠷᠢᠨ ᠤᠨᠢᠰᠤᠭ᠎ᠠ ᠬᠡᠯᠡᠳᠡᠭ ᠶᠤᠮ ᠡ᠂ ᠴᠢ ᠤᠷᠤᠢ ᠤᠨᠢᠰᠤᠭ᠎ᠠ ᠬᠡᠯᠡᠨ᠎ᠡ ᠰᠢᠤ︾ ᠭᠡᠵᠦ ᠨᠠᠮᠠᠶᠢ ᠵᠢᠳᠭᠦᠭᠦᠯᠦᠨ ᠦᠭᠦᠭᠡᠷᠳᠡᠨ᠎ᠡ᠂ ᠪᠢ ᠲᠡᠷᠡ ᠦᠶ᠎ᠡ ᠶᠠᠭᠤ ᠴᠤ ᠮᠡᠳᠡᠬᠦ ᠦᠭᠡᠢ ᠪᠠᠶᠢᠯ᠎ᠠ᠂ ᠤᠷᠤᠢ ᠬᠡᠪᠳᠡᠭᠰᠡᠨ ᠤ ᠲᠠᠷᠠᠭ᠎ᠠ ᠠᠪᠠᠭ᠎ᠠ ᠠᠪᠤ ᠠᠴᠠ᠄ ︽ᠭᠤᠷᠪᠠᠨ ᠨᠠᠰᠤᠳᠠᠢ ᠭᠤᠨᠠᠭᠠᠨ ᠤᠯᠠᠭᠠᠨ ᠪᠠᠭᠠᠳᠤᠷ︾ ᠭᠡᠬᠦ ᠮᠠᠩᠭᠤᠰ ᠢ ᠲᠠᠷᠤᠵᠦ ᠠᠷᠠᠳ ᠤᠯᠠᠨ ᠢᠶᠠᠨ ᠠᠪᠤᠷᠠᠭᠰᠠᠨ ᠦᠯᠢᠭᠡᠷ ᠢ ᠶᠠᠷᠢᠵᠦ ᠦᠭᠭᠦᠭᠰᠡᠨ ᠢᠶᠠᠨ᠄ ︽ᠵᠠ᠂ ᠤᠳᠤ ᠬᠡᠨ ᠤᠨᠢᠰᠤᠭ᠎ᠠ ᠬᠡᠯᠡᠬᠦ ᠪᠤᠢ︖︾ ᠭᠡᠬᠦ ᠳᠤ ᠠᠪᠠᠭ᠎ᠠ ᠡᠭᠡᠴᠢ ᠠᠴᠠ᠄ ︽ᠤᠭᠤᠳᠠ ᠲᠦᠭᠦᠷᠡᠩ ᠤᠯᠠᠭᠠᠨ ᠱᠠᠭ᠎ᠠ ᠂ ᠲᠡᠷᠡ ᠶᠠᠭᠤ ᠪᠤᠢ︖︾ ᠭᠡᠬᠦ ᠳᠤ ᠤᠯᠠᠨ ᠢᠶᠠᠷ ︽ᠲᠤᠯᠭ᠎ᠠ ᠶᠢᠨ ᠭᠠᠯ︾ ᠭᠡᠵᠦ ᠪᠤᠯᠢᠶᠠᠯᠳᠤᠨ ᠲᠠᠶᠢᠯᠤᠨ᠎ᠠ᠂ ︽ᠬᠠᠭᠠᠯᠭ᠎ᠠ ᠶᠢᠨ ᠠᠷᠤ ᠳᠤ ᠬᠠᠩᠬᠢᠷ ᠵᠢᠩᠭᠡᠷ ︵ᠬᠠᠵᠠᠭᠠᠷ ᠨᠤᠭᠳᠤ︶︾᠂ ︽ᠡᠳᠦᠷ ᠭᠤᠷᠪᠠᠯᠵᠢᠨ ᠰᠦᠨᠢ ᠲᠦᠷᠪᠡᠯᠵᠢᠨ ︵ᠭᠡᠷ ᠤᠨ ᠡᠷᠦᠬᠡ︶︾ ᠭᠡᠬᠦ ᠮᠡᠳᠦ ᠢᠶᠠᠷ ᠬᠤᠷᠢ ᠭᠠᠷᠤᠢ ᠤᠨᠢᠰᠤᠭ᠎ᠠ ᠪᠤᠯᠢᠶᠡᠯᠳᠤᠨ ᠬᠡᠯᠡᠵᠦ ᠪᠤᠯᠢᠶᠠᠯᠳᠤᠨ ᠬᠠᠷᠢᠭᠤᠯᠵᠦ ᠭᠦᠷ ᠬᠦᠭᠵᠢᠶᠡᠨ ᠲᠠᠢ ᠬᠤᠨᠤᠭᠯᠠᠭᠰᠠᠨ ᠪᠢᠯᠡ᠂ ᠲᠡᠭᠦᠨ ᠠᠴᠠ ᠬᠤᠶᠢᠰᠢ ᠪᠢ ᠴᠤ ᠬᠡᠳᠦᠨ ᠤᠨᠢᠰᠤᠭ᠎ᠠ ᠴᠡᠭᠡᠵᠢᠯᠡᠭᠡᠳ ︽ᠤᠶᠤᠨ ᠤ ᠤᠷᠤᠯᠳᠤᠭᠠᠨ︾ ᠳᠤ ᠢᠳᠡᠪᠬᠢᠯᠡᠨ ᠤᠷᠤᠯᠴᠠᠳᠠᠭ ᠪᠤᠯᠤᠭᠰᠠᠨ ᠶᠤᠮ᠃      ᠨᠡᠭᠦᠳᠡᠯ ᠮᠠᠯᠵᠢᠯ ᠤᠨ ᠴᠠᠭ ᠦᠶ᠎ᠡ ᠶᠢᠨ ᠡᠪᠦᠭᠡᠳ ᠪᠤᠭᠤᠷᠤᠯ ᠤᠳ ᠭᠡᠵᠦ ᠪᠦᠷ ᠦᠯᠢᠭᠡᠷ ᠲᠤᠤᠯᠢ ᠶᠢᠨ ᠲᠠᠯᠠᠢ ᠪᠠᠶᠢᠭᠰᠠᠨ ᠶᠤᠮ᠃ ᠡᠪᠦᠯ ᠤᠨ ᠨᠢᠭᠡᠨ ᠤᠷᠤᠢ ᠡᠪᠦᠭᠡ ᠮᠠᠨᠢ ᠮᠤᠷᠢ ᠲᠠᠯᠪᠢᠬᠤ ᠪᠠᠷ ᠨᠠᠮᠠᠶᠢ ᠲᠠᠭᠠᠭᠤᠯᠤᠨ ᠠᠷᠭᠠᠮᠵᠢᠶ᠎ᠠ ᠪᠠᠨ ᠠᠪᠴᠤ ᠶᠠᠪᠤᠯ᠎ᠠ᠂ ᠨᠠᠰᠤᠳᠠᠨ ᠮᠤᠷᠢᠨ ᠤ ᠪᠠᠨ ᠡᠮᠡᠭᠡᠯ ᠢ ᠠᠪᠤᠭᠠᠳ᠂ ᠡᠮᠡᠭᠡᠯ ᠤᠨ ᠪᠦᠭᠦᠷᠭᠡ ᠶᠢ ᠪᠠᠷᠠᠭᠤᠨ ᠬᠤᠶᠢᠰᠢ ᠬᠠᠨᠳᠤᠭᠤᠯᠤᠨ ᠶᠠᠩᠵᠤᠯᠠᠬᠤ ᠶᠤᠮ᠂ ᠡᠭᠦᠨ ᠳᠤ ᠪᠢ᠄ ︽ᠶᠠᠭᠤᠨ ᠳᠤ ᠡᠮᠡᠭᠡᠯ ᠢᠶᠠᠨ ᠢᠩᠭᠢᠵᠦ ᠲᠠᠯᠪᠢᠬᠤ ᠪᠤᠢ︖︾ ᠭᠡᠪᠡᠯ᠄ ︽ᠡᠨᠡ ᠪᠤᠯ ᠶᠡᠭᠡ ᠤᠴᠢᠷ ᠲᠠᠢ ᠰᠢᠤ᠂ ᠮᠠᠨ ᠤ ᠦᠵᠦᠮᠦᠴᠢᠨ ᠠᠶᠢᠮᠠᠭ ᠶᠡᠭᠡ ᠡᠷᠳᠡ ᠪᠠᠷᠠᠭᠤᠨ ᠬᠤᠶᠢᠳᠦ ᠵᠦᠭ ᠠᠴᠠ ᠨᠡᠭᠦᠵᠦ ᠢᠷᠡᠯ᠎ᠡ ᠭᠡᠳᠡᠭ ᠶᠤᠮ ᠡ᠂ ᠢᠩᠭᠢᠭᠡᠳ ᠤᠤᠭᠠᠯ ᠨᠤᠲᠤᠭ ᠤᠰᠤᠨ ᠳᠠᠭᠠᠨ ᠪᠤᠴᠠᠬᠤ ᠶᠢ ᠪᠡᠯᠭᠡᠳᠡᠵᠦ ᠢᠩᠬᠢᠵᠦ ᠲᠠᠯᠪᠢᠳᠠᠭ᠂ ᠡᠭᠦᠨ ᠢ ᠵᠠᠪᠠᠯ ᠮᠡᠳᠡᠵᠦ ᠠᠪᠬᠤ ᠶᠤᠮ ᠰᠢᠤ︾ ᠭᠡᠵᠦ ᠡᠪᠦᠭᠡ ᠮᠠᠨᠢ ᠮᠠᠰᠢ ᠬᠢᠨᠠᠮᠠᠭᠠᠢ ᠰᠤᠷᠭᠠᠯ ᠬᠠᠶᠢᠷᠠᠯᠠᠨ᠎ᠡ᠃ ᠮᠤᠷᠢ ᠪᠠᠨ ᠠᠷᠭᠠᠮᠵᠢᠭᠠᠳ ᠭᠡᠷ ᠲᠤ ᠤᠷᠤᠬᠤ ᠳᠤ ᠡᠵᠢ ᠮᠢᠨᠢ ᠲᠤᠭᠤᠭ᠎ᠠ ᠳᠤ ᠮᠢᠬ᠎ᠠ ᠴᠢᠨᠠᠭᠰᠠᠨ ᠪᠤᠴᠠᠯᠭᠠᠵᠦ ᠪᠠᠶᠢᠪᠠ᠂ ᠱᠦᠯᠦ ᠪᠤᠴᠠᠯᠤᠭᠠᠳ ᠠᠰᠬᠠᠯᠠᠬᠤ ᠳᠤ ᠪᠢ ᠲᠤᠭᠤᠭ᠎ᠠ ᠶᠢᠨ ᠵᠦᠭ ᠬᠠᠷᠠᠪᠠᠯ ᠪᠠᠷᠠᠭᠤᠨ ᠬᠤᠶᠢᠰᠢ ᠬᠢᠯᠵᠡᠶᠢᠭᠰᠡᠨ ᠪᠠᠶᠢᠪᠠ᠂ ᠡᠭᠦᠨ ᠳᠤ ᠪᠢ᠄ ︽ᠡᠵᠢ ᠡ᠂ ᠴᠢ ᠲᠤᠭᠤᠭ᠎ᠠ ᠪᠠᠨ ᠲᠡᠭᠰᠢ ᠲᠠᠯᠪᠢᠭᠰᠠᠨ ᠦᠭᠡᠢ ᠰᠢᠳᠡ︕︾ ᠭᠡᠬᠦ ᠳᠤ᠄ ︽ᠪᠠᠶᠠᠵᠢᠬᠤ ᠠᠶᠢᠯ ᠤᠨ ᠲᠤᠭᠤᠭ᠎ᠠ ᠪᠠᠷᠠᠭᠤᠨ ᠬᠤᠶᠢᠰᠢ ᠪᠠᠨ ᠭᠡᠯᠳᠡᠭᠡᠢ ᠭᠡᠳᠡᠭ ᠶᠤᠮ᠂ ᠲᠡᠭᠡᠳᠦ ᠶᠢᠨ ᠨᠤᠲᠤᠭ ᠤᠨ ᠪᠤᠶᠠᠨ ᠢᠶᠠᠨ ᠬᠤᠷᠢᠶᠠᠵᠦ ᠪᠠᠶᠢᠬᠤ ᠨᠢ ᠲᠡᠷᠡ ᠶᠤᠮ ᠭᠡᠵᠦ ᠪᠤᠭᠤᠷᠤᠯ ᠤᠳ ᠴᠢᠨᠢ ᠰᠤᠷᠭᠠᠳᠠᠭ ᠪᠠᠶᠢᠭᠰᠠᠨ᠂ ᠲᠡᠭᠡᠭᠡᠳ ᠪᠢ ᠴᠤ ᠪᠠᠰᠠ ᠢᠩᠬᠢᠵᠦ ᠲᠠᠯᠪᠢᠭᠠᠳ ᠵᠠᠩᠰᠢᠴᠢᠬᠠᠵᠠᠢ᠂ ᠡᠭᠦᠨ ᠢ ᠬᠤᠵᠢᠮ ᠡᠬᠡᠨᠡᠷ ᠠᠪᠤᠪᠠᠯ ᠰᠠᠶᠢᠨ ᠬᠡᠯᠡᠵᠦ ᠦᠭ︕︾ ᠭᠡᠵᠦ ᠨᠤᠮᠯᠠᠬᠤ ᠳᠤ ᠪᠢ ᠲᠤᠯᠤᠭᠠᠢ ᠲᠤᠬᠢᠨ ᠰᠤᠨᠢᠷᠬᠠᠨ ᠰᠤᠨᠤᠰᠴᠤ ᠠᠪᠴᠤ ᠪᠢᠯᠡ᠂ ᠤᠳᠤ ᠨᠢᠭᠡ ᠪᠤᠳᠤᠬᠤ ᠳᠤ ᠦᠵᠦᠮᠦᠴᠢᠨ ᠤ ᠭᠡᠷ ᠪᠦᠯᠢ ᠶᠢᠨ ᠵᠠᠩ ᠦᠢᠯᠡ ᠨᠢ ᠪᠦᠷ ᠯᠡ ᠶᠤᠰᠤ ᠭᠤᠷᠢᠮ ᠲᠠᠢ᠂ ᠬᠦᠮᠦᠰ ᠤᠨ ᠬᠢᠨᠢ ᠵᠠᠩ ᠲᠠᠳᠬᠠᠯ ᠵᠠᠩ ᠦᠢᠯᠡ ᠶᠢᠨ ᠮᠡᠳᠡᠯᠭᠡ ᠨᠢ ᠲᠡᠶᠢᠮᠦ ᠭᠦᠨ ᠬᠦᠨᠵᠡᠭᠡᠢ᠂ ᠬᠡᠴᠢᠨᠡᠨ ᠠᠭᠤᠤ ᠠᠭᠤᠳᠠᠮ ᠪᠠᠶᠢᠭᠰᠠᠨ ᠢ ᠰᠠᠶ᠋ᠢ ᠰᠠᠶ᠋ᠢ ᠠᠴᠠ ᠤᠬᠠᠮᠰᠠᠷᠯᠠᠭᠰᠠᠨ ᠮᠠᠨᠢ ᠤᠷᠤᠶᠢᠳᠠᠵᠠᠢ᠃ ᠵᠠᠩ ᠦᠢᠯᠡ ᠶᠢᠨ ᠶᠤᠰᠤᠨ ᠢᠶᠠᠷ ᠬᠡᠤᠬᠡᠳ ᠢ ᠬᠦᠮᠦᠵᠢᠭᠦᠯᠬᠦ ᠪᠤᠯ ᠦᠵᠦᠮᠦᠴᠢᠨ ᠤ ᠬᠦᠮᠦᠨ ᠬᠦᠮᠦᠵᠢᠭᠦᠯᠬᠦ ᠶᠢᠨ ᠨᠢᠭᠡᠨ ᠰᠤᠩᠭᠤᠳᠠᠭ ᠠᠷᠭ᠎ᠠ ᠬᠡᠯᠪᠡᠷᠢ ᠶᠤᠮ᠃      ⒉ ᠡᠪᠦᠭᠡᠳ ᠤᠨ ᠦᠪᠯᠡᠬᠦ ᠵᠤᠭᠤᠭ      ᠵᠤᠨ ᠤ ᠨᠢᠭᠡᠨ ᠬᠠᠯᠠᠭᠤᠨ ᠡᠳᠦᠷ ᠶᠤᠮᠰᠠᠨ᠂ ᠬᠠᠶᠠᠭ᠎ᠠ ᠰᠡᠭᠦᠭᠰᠡᠨ ᠢᠰᠡᠭᠡᠢ ᠭᠡᠷ ᠠᠴᠠ ᠠᠶᠢᠷᠠᠭ ᠤᠨ ᠰᠡᠩᠭᠡᠨᠡᠭᠡ ᠬᠠᠩᠬᠤᠯᠠᠨ᠎ᠠ᠂ ᠠᠶᠢᠷᠠᠭ ᠪᠦᠯᠢᠬᠦ ᠲᠠᠭᠤᠨ ᠪᠤᠯᠤᠨ ᠦᠵᠦᠮᠦᠴᠢᠨ ᠪᠦᠰᠡᠭᠦᠢ ᠶᠢᠨ ᠬᠦᠳᠡᠯᠮᠦᠷᠢ ᠶᠢᠨ ᠲᠠᠭᠤᠯᠠᠯ ᠬᠦᠭ ᠨᠡᠶᠢᠯᠡᠨ ᠱᠠᠭᠠᠬᠢᠨ᠎ᠡ᠃ ᠲᠠᠨᠵᠢ ᠶᠢᠨ ᠴᠡᠩᠭᠡᠷ ᠲᠤᠭᠤᠷᠤᠤ ᠬᠤᠤᠰ ᠬᠤᠤᠰ ᠢᠶᠠᠷ ᠨᠢᠰᠴᠤ ᠲᠤᠤᠭᠠᠷᠤᠨ ᠦᠩᠭᠡᠷᠡᠬᠦ ᠳᠤ ᠡᠪᠦᠭᠡᠳ ᠬᠦᠭᠰᠢᠳ᠄ ︽ᠤᠳᠠᠬᠤ ᠦᠭᠡᠢ ᠪᠤᠷᠤᠭᠠᠨ ᠤᠷᠤᠬᠤ ᠶᠢᠨ ᠲᠡᠮᠳᠡᠭ︾ ᠭᠡᠯᠴᠡᠨ᠎ᠡ᠃ ᠰᠠᠶ᠋ᠢᠬᠠᠨ ᠨᠡᠷᠡᠭᠰᠡᠨ ᠠᠷᠢᠬᠢᠨ ᠤ ᠦᠨᠦᠷ ᠢ ᠠᠪᠤᠭᠰᠠᠨ ᠰᠢᠭ᠋ ᠲᠤᠤᠯᠢᠴᠢ ᠡᠪᠦᠭᠡᠨ ᠬᠠᠯᠳᠠᠷ ᠮᠤᠷᠢ ᠤᠨᠤᠭᠰᠠᠨ ᠬᠡᠭᠡᠷ ᠬᠠᠯᠳᠠᠷ ᠪᠤᠯᠤᠭᠰᠠᠨ ᠮᠠᠶ᠋ᠢᠭ  ᠲᠠᠢ ᠬᠡᠯᠪᠡᠷᠢᠨ ᠲᠠᠪᠬᠢᠵᠦ ᠠᠶᠢᠰᠦᠢ᠂ ︽ᠨᠤᠬᠠᠢ ᠪᠠᠨ ᠬᠤᠷᠢ︕︾ ᠭᠡᠬᠦ ᠳᠤ ᠪᠡᠷᠢ ᠬᠡᠤᠬᠡᠳ ᠭᠦᠶᠦᠯᠳᠦᠨ ᠭᠠᠷᠴᠤ ᠮᠤᠷᠢ ᠶᠢ ᠨᠢ ᠲᠤᠰᠤᠨ ᠠᠪᠴᠤ ᠤᠶᠠᠭᠠᠳ ᠡᠪᠦᠭᠡᠨ ᠢ ᠲᠦᠰᠢᠵᠦ ᠭᠡᠷ ᠲᠤ ᠤᠷᠤᠭᠤᠯᠤᠨ ᠬᠦᠨᠳᠦᠯᠡᠨ᠎ᠡ᠂ ᠨᠠᠰᠤᠳᠠᠳ ᠬᠦᠬᠦᠷ ᠪᠠᠷᠢᠨ ᠬᠠᠷᠢᠯᠴᠠᠨ ᠮᠡᠨᠳᠦᠯᠴᠢᠯᠡᠨ᠎ᠡ᠂ ᠠᠶᠢᠯ ᠤᠨ ᠪᠡᠷᠢ ᠰᠠᠶ᠋ᠢᠬᠠᠨ ᠨᠡᠷᠡᠭᠰᠡᠨ ᠠᠷᠵᠠ ᠪᠠᠨ ᠲᠤᠤᠯᠢᠴᠢ ᠡᠪᠦᠭᠡᠨ ᠳᠤ ᠬᠡᠮᠨᠡᠨ ᠪᠠᠷᠢᠬᠤ ᠳᠤ ᠲᠡᠷᠡ ᠪᠠᠷ᠄ ︽ᠵᠠ᠂ ᠨᠠᠷᠠ ᠠᠳᠠᠯᠢ ᠮᠠᠨᠳᠤᠵᠦ᠂ ᠨᠠᠪᠴᠢ ᠠᠳᠠᠯᠢ ᠲᠡᠯᠭᠡᠷᠡᠵᠦ᠂ ᠦᠨᠳᠦᠷ ᠨᠠᠰᠤ ᠲᠠᠢ ᠦᠷᠭᠡᠨ ᠪᠤᠶᠠᠨ ᠲᠠᠢ ᠶᠠᠪᠤ ᠡ︕︾ ᠭᠡᠵᠦ ᠢᠷᠦᠭᠡᠯ ᠬᠠᠶᠢᠷᠨᠯᠠᠨ᠎ᠠ᠃ ᠠᠯᠤᠰ ᠲᠤ ᠦᠨᠡᠭᠡᠷ ᠬᠦᠬᠡᠷᠦᠨ ᠪᠤᠷᠤᠭᠠᠨᠰᠢᠵᠦ ᠲᠡᠭᠷᠢ ᠬᠢᠯᠪᠡᠨ ᠴᠠᠬᠢᠯᠤᠨ ᠪᠠᠶᠢᠭᠰᠠᠨ ᠢᠶᠠᠨ ᠰᠡᠷ ᠰᠡᠷ ᠰᠠᠯᠬᠢᠯᠠᠨ ᠴᠠᠶᠢᠷᠠᠳᠠᠵᠦ ᠡᠬᠢᠯᠡᠪᠡ᠂ ᠬᠦᠭᠰᠢᠳ ᠪᠡᠷᠢᠶᠠᠳ ᠠᠷᠭᠠᠯ ᠲᠦᠯᠡᠰᠢ ᠪᠠᠨ ᠪᠦᠳᠦᠭᠡᠬᠦ᠂ ᠠᠭᠠᠷᠴᠠ ᠬᠤᠷᠤᠳ ᠢᠶᠠᠨ ᠤᠷᠤᠭᠤᠯᠬᠤ᠂ ᠡᠷᠦᠬᠡ ᠪᠠᠨ ᠪᠦᠳᠦᠭᠡᠬᠦ ᠭᠡᠳ ᠶᠠᠭᠠᠷᠠᠯᠳᠤᠨ᠎ᠠ᠃      ᠬᠤᠶᠠᠷ ᠪᠤᠭᠤᠷᠤᠯ ᠬᠠᠷᠢᠨ ᠵᠤᠭᠤᠭ ᠲᠡᠯᠭᠡᠨ ᠲᠠᠪᠡᠳᠠᠢ ᠰᠠᠭᠤᠵᠦ᠂ ᠠᠷᠢᠬᠢ ᠰᠢᠮᠡᠭᠰᠡᠨ ᠢᠶᠠᠨ ᠡᠪᠦᠭᠡ ᠮᠢᠨᠢ᠄ ︽ᠵᠠ᠂ ᠠᠬᠤ᠂ ᠴᠢ ᠴᠢᠨᠢ ᠤᠳᠤ ᠲᠤᠤᠯᠢᠴᠢ ᠲᠡᠤᠬᠡᠴᠢ ᠨᠠᠷ᠎ᠠ ᠲᠠᠢ᠂ ᠲᠡᠭᠦᠨ ᠠᠴᠠ ᠪᠠᠨ ᠶᠠᠷᠢᠭᠠᠴᠢ ᠳ᠋ᠠ᠂ ᠪᠤᠷᠤᠭᠠᠨ ᠴᠤ ᠤᠷᠤᠴᠢᠬᠠᠯ᠎ᠠ᠂ ᠬᠠᠭᠤᠴᠢ ᠲᠡᠯᠭᠡᠬᠦ ᠠᠴᠠ︾ ᠭᠡᠵᠦ ᠶᠠᠷᠢᠶᠠᠨ ᠤ ᠭᠤᠭᠴᠤᠭ᠎ᠠ ᠡᠭᠦᠰᠭᠡᠬᠦ ᠳᠤ ᠲᠤᠤᠯᠢᠴᠢ ᠡᠪᠦᠭᠡᠨ᠄ ︽ᠡᠷᠳᠡ ᠤᠷᠢᠳᠦ ᠶᠢᠨ ᠴᠠᠭ ᠲᠤ᠂ ᠠᠯᠢ ᠴᠤ ᠬᠠᠭᠠᠨ ᠤ ᠦᠶ᠎ᠡ ᠶᠤᠮ ᠳ᠋ᠠ᠂ ᠮᠠᠨ ᠤ ᠦᠵᠦᠮᠦᠴᠢᠨ ᠠᠶᠢᠮᠠᠭ ᠠᠯᠳᠠᠢ — ᠬᠠᠩᠭᠠᠢ ᠶᠢᠨ ᠠᠭᠤᠯᠠ ᠪᠠᠷ ᠨᠤᠳᠤᠭᠯᠠᠵᠦ ᠪᠠᠶᠢᠯ᠎ᠠ ᠭᠡᠳᠡᠭ᠂ ᠨᠢᠭᠡᠨ ᠤᠳᠠᠭ᠎ᠠ ᠶᠢᠨ ᠲᠠᠶᠢᠨ ᠲᠠᠵᠢᠨ ᠪᠤᠯᠵᠦ᠂ ᠬᠤᠯᠠᠭᠠᠢ ᠲᠡᠭᠡᠷᠡᠮ ᠤᠨ ᠲᠦᠢᠪᠡᠭᠡᠯᠭᠡ ᠳᠤ ᠤᠴᠠᠷᠠᠭᠰᠠᠨ ᠢᠶᠠᠷ ᠠᠷᠭ᠎ᠠ ᠦᠭᠡᠢ ᠪᠤᠯᠬᠤ ᠳᠠᠭᠠᠨ ᠠᠯᠤᠰ ᠤᠨ ᠨᠡᠭᠦᠳᠡᠯ ᠬᠢᠵᠦ ᠠᠳᠡ ᠢᠷᠡᠯ᠎ᠡ ᠭᠡᠵᠦ ᠭᠡᠳᠦᠶᠢᠨᠡᠢ ᠠᠴᠠ ᠨᠠᠰᠤᠳᠠᠨ ᠪᠤᠭᠤᠷᠤᠯ ᠤᠳ ᠶᠡᠭᠡ ᠶᠠᠷᠢᠶ᠎ᠠ ᠬᠦᠭᠡᠷᠦᠭᠡ ᠪᠤᠯᠭᠠᠵᠦ ᠪᠠᠶᠢᠭᠰᠠᠨ ᠶᠤᠮ᠂ ᠲᠡᠭᠡᠭᠡᠳ ᠤᠳᠤ ᠶᠢᠨ ᠡᠨᠡ ᠬᠠᠳᠠᠪᠴᠢ᠂ ᠡᠭᠦᠳᠡ ᠵᠡᠷᠭᠡ ᠭᠠᠵᠠᠷ ᠢᠶᠠᠷ ᠨᠡᠭᠦᠵᠦ ᠤᠷᠤᠵᠦ ᠢᠷᠡᠯ᠎ᠡ ᠭᠡᠳᠡᠭ᠂ ᠲᠡᠭᠡᠭᠰᠡᠨ ᠢᠶᠠᠷ  ᠨᠢ ᠢᠩᠭᠢᠵᠦ ᠨᠡᠷᠡᠯᠡᠭᠰᠡᠨ ᠪᠠᠶᠢᠵᠠᠢ᠂ ᠬᠤᠶᠠᠷ ᠡᠭᠦᠳᠡ ᠶᠢᠨ ᠬᠤᠭᠤᠷᠤᠨᠳᠤᠭᠤᠷ ᠠᠳᠤᠭᠤᠨ ᠰᠦᠷᠦᠭ ᠢᠶᠠᠨ ᠭᠡᠯᠢᠵᠦ ᠭᠠᠷᠬᠤ ᠳᠤ ᠪᠠᠭᠳᠠᠵᠦ ᠶᠠᠳᠠᠨ ᠪᠠᠶᠢᠯ᠎ᠠ ᠭᠡᠯᠴᠡᠳᠡᠭ᠂ ᠶᠡᠬᠡᠯ᠎ᠡ ᠠᠳᠤᠭᠤᠳ ᠲᠠᠢ ᠪᠠᠶᠢᠭᠰᠠᠨ ᠶᠤᠮ ᠪᠠᠶᠢᠨ᠎ᠠ︾ ᠭᠡᠬᠦ ᠳᠤ ᠡᠪᠦᠭᠡ ᠪᠠᠰᠠ ᠡᠯᠭᠦᠵᠦ᠄ ︽ᠮᠠᠨ ᠤ ᠲᠡᠭᠡᠳᠦ ᠶᠢᠨ ᠭᠠᠵᠠᠷ ᠪᠠᠷᠠᠭᠤᠨ ᠬᠤᠶᠢᠳᠦ ᠵᠦᠭ ᠲᠤ ᠪᠤᠢ ᠭᠡᠬᠦ ᠪᠦᠭᠡᠳ ᠠᠯᠳᠠᠢ — ᠬᠠᠩᠭᠠᠢ ᠨᠢᠷᠤᠭᠤ ᠶᠢᠨ ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ ᠭᠡᠬᠦ ᠭᠠᠵᠠᠷ ᠢ ᠶᠠᠷᠢᠳᠠᠭ᠂ ᠠᠳᠡ ᠠᠴᠠ ᠬᠡᠳᠦᠢ ᠴᠤ ᠬᠤᠯᠠ ᠪᠠᠶᠢᠳᠠᠭ ᠢ ᠪᠤᠤ ᠮᠡᠳᠡ︕︾ ᠲᠤᠤᠯᠢᠴᠢ ᠡᠪᠦᠭᠡᠨ᠄ ︽ᠲᠡᠶᠢᠮᠦ ᠡ ᠂ ᠲᠡᠭᠡᠵᠦ ᠶᠠᠷᠢᠳᠠᠭ᠃ ᠬᠠᠩᠭᠠᠢ ᠠᠭᠤᠯᠠ ᠠᠴᠠ ᠭᠠᠯᠪᠠ ᠱᠠᠩᠬᠤ ᠶᠢᠨ ᠭᠤᠪᠢ ᠳᠤ ᠨᠡᠭᠦᠵᠦ ᠢᠷᠡᠭᠡᠳ ᠬᠡᠳᠦᠢ ᠤᠳᠠᠭᠰᠠᠨ ᠢ ᠮᠡᠳᠡᠬᠦ ᠦᠭᠡᠢ᠂ ᠦᠵᠦᠮᠦᠴᠢᠨ ᠠᠶᠢᠮᠠᠭ ᠭᠠᠯᠪᠠ ᠱᠠᠩᠬᠤ ᠶᠢᠨ ᠭᠤᠪᠢ ᠠᠴᠠ ᠭᠠᠭᠴᠠ ᠪᠦᠭᠦᠳᠦ ᠲᠡᠮᠡᠭᠡᠳ ᠲᠠᠢ ᠤᠳᠤ ᠶᠢᠨ ᠡᠨᠡ ᠡᠪᠡᠰᠦᠳᠦ ᠲᠠᠯ᠎ᠠ ᠳᠤ ᠨᠡᠭᠦᠵᠦ ᠢᠷᠡᠯ᠎ᠡ ᠭᠡᠵᠦ ᠪᠠᠰᠠ ᠬᠡᠯᠡᠯᠴᠡᠳᠡᠭ ᠰᠢᠤ︕︾᠂ ︽ᠮᠠᠨ ᠤ ᠬᠢᠨ ᠴᠠᠭᠠᠨ ᠰᠠᠷ᠎ᠠ ᠪᠤᠯᠤᠨ ᠨᠠᠶᠢᠷ ᠨᠠᠭᠠᠳᠤᠮ ᠡᠬᠢᠯᠡᠬᠦ ᠳᠤ ᠯᠠ ︿ᠶᠡᠭᠡ ᠪᠤᠭᠳᠠ ᠪᠤᠯᠠᠭᠠᠨ ᠬᠠᠩᠭᠠᠢ﹀ ᠭᠡᠬᠦ ᠲᠠᠭᠤᠤ ᠪᠠᠷ ᠡᠬᠢᠯᠡᠳᠡᠭ ᠨᠢ ᠪᠠᠰᠠ ᠤᠴᠢᠷ ᠲᠠᠢ ᠰᠢᠤ᠂ ᠪᠠᠷᠤᠭ ᠬᠠᠩᠭᠠᠢ ᠨᠢᠷᠤᠭᠤ ᠪᠠᠷ ᠰᠠᠭᠤᠵᠦ ᠪᠠᠶᠢᠬᠤ ᠦᠶ᠎ᠡ ᠵᠤᠬᠢᠶᠠᠭᠳᠠᠭᠰᠠᠨ ᠴᠤ ᠪᠠᠶᠢᠵᠦ ᠮᠡᠳᠡᠨ᠎ᠡ᠂ ᠦᠵᠦᠮᠦᠴᠢᠨ ᠨᠢ ᠵᠠᠭᠤᠨ ᠤᠪᠤᠭᠳᠠᠨ ᠢᠶᠠᠷ ᠪᠦᠷᠢᠯᠳᠦᠭᠰᠡᠨ ᠭᠡᠳᠡᠭ᠂ ᠤᠯᠠᠨ ᠤᠪᠤᠭᠳᠠᠨ ᠶᠠᠰᠤᠳᠠᠨ ᠢᠶᠠᠷ ᠴᠤᠭᠴᠠᠯᠠᠭᠰᠠᠨ ᠢ ᠦᠵᠡᠪᠡᠯ ᠡᠨᠡ ᠨᠢ ᠪᠠᠷᠤᠭ ᠴᠢᠩᠭᠢᠰ ᠬᠠᠭᠠᠨ ᠤ ᠦᠶ᠎ᠡ ᠳᠤ ᠮᠢᠩᠭᠠᠳᠤ  ᠪᠤᠯᠤᠭᠰᠠᠨ ᠴᠤ ᠪᠤᠯᠪᠠᠤ ᠭᠡᠵᠦ ᠪᠤᠳᠤᠭᠳᠠᠨ᠎ᠠ︾ ᠭᠡᠵᠦ ᠡᠪᠦᠭᠡ ᠰᠢᠨᠵᠢᠯᠡᠬᠦ ᠮᠠᠶ᠋ᠢᠭ ᠲᠠᠢ ᠬᠡᠯᠡᠨ᠎ᠡ᠃ ᠪᠤᠷᠤᠭᠠᠨ ᠦᠷᠭᠦᠯᠵᠢᠯᠡᠨ ᠱᠠᠭᠠᠬᠢᠭᠰᠠᠭᠠᠷ᠂ ᠮᠠᠨᠠᠶᠢᠬᠢᠨ ᠪᠦᠬᠦᠳᠡᠭᠡᠷ ᠴᠢᠬᠢ ᠲᠠᠯᠪᠢᠨ ᠰᠤᠨᠤᠰᠤᠨ᠎ᠠ᠃ ᠡᠭᠦᠨ ᠳᠤ ᠡᠵᠢ ᠮᠢᠨᠢ ᠦᠬᠡ ᠬᠠᠪᠴᠢᠭᠤᠯᠵᠦ᠂ ᠪᠢᠳᠡᠨ ᠳᠤ᠄ ︽ᠮᠠᠨ ᠤ ᠴᠢᠨᠢ ᠪᠠᠰᠠ ᠤᠷᠢᠶᠠᠩᠬᠠᠨ ᠤᠪᠤᠭ ᠲᠠᠢ ᠪᠦᠬᠡᠨᠡᠷ ᠠᠶᠢᠮᠠᠭ ᠭᠡᠳᠡᠭ ᠰᠢᠤ᠂ ᠡᠭᠦᠨ ᠢ ᠪᠠᠨ ᠪᠠᠰᠠ ᠮᠨᠳᠡᠵᠦ ᠠᠪ ᠳ᠋ᠠ︕︾ ᠭᠡᠰᠡᠨ ᠢᠶᠠᠨ ᠪᠤᠭᠤᠷᠤᠯᠴᠦᠳ ᠲᠤ ᠴᠠᠢ ᠠᠶᠠᠭᠠᠯᠠᠨ ᠦᠭᠭᠦᠨ᠎ᠡ᠃      ᠦᠵᠦᠮᠦᠴᠢᠨ ᠤ ᠲᠡᠭᠡᠳᠦᠰ ᠶᠠᠷᠤ ᠨᠢ ᠲᠡᠤᠬᠡ ᠲᠤᠮᠤᠭ᠂ ᠤᠷᠳᠤ ᠶᠢᠨ ᠲᠠᠭᠤᠤ᠂ ᠤᠨᠢᠰᠤᠭ᠎ᠠ ᠲᠠᠭᠠᠪᠤᠷᠢ ᠪᠠᠨ ᠠᠮᠠ ᠪᠠᠷ ᠤᠯᠠᠮᠵᠢᠯᠠᠬᠤ ᠨᠢ ᠲᠡᠯᠭᠡᠷᠡᠩᠭᠦᠢ ᠪᠠᠶᠢᠳᠠᠭ᠂ ᠲᠡᠷᠡ ᠦᠶ᠎ᠡ ᠶᠢᠨ ᠬᠡᠤᠬᠡᠳ ᠤᠳ ᠰᠤᠨᠤᠰᠤᠮᠠᠭᠴᠠ ᠲᠤᠭᠳᠠᠭᠠᠵᠦ᠂ ᠴᠢᠭᠡᠵᠢᠯᠡᠵᠦ ᠠᠪᠬᠤ ᠴᠢᠳᠠᠪᠤᠷᠢ ᠨᠢ ᠴᠢᠳᠠᠮᠠᠭᠠᠢ ᠮᠦᠷᠳᠡᠭᠡᠨ ᠬᠠᠳᠠᠩᠰᠢᠭᠤᠯᠵᠦ ᠬᠡᠵᠢᠶ᠎ᠡ ᠪᠤᠯᠤᠭᠰᠠᠨ ᠴᠤ ᠨᠢᠬᠡᠨ ᠳᠡᠭᠡᠨ ᠶᠠᠷᠢᠵᠦ ᠮᠠᠷᠳᠠᠬᠤ ᠦᠭᠡᠢ ᠶᠠᠪᠤᠬᠤ ᠨᠢ ᠭᠠᠶᠢᠬᠠᠯᠳᠠᠢ᠃ ᠲᠤᠤᠯᠢᠴᠢ ᠡᠪᠦᠭᠡᠨ᠂ ᠡᠪᠦᠭᠡ ᠬᠤᠶᠠᠷ ᠤᠨ ᠶᠠᠷᠢᠶ᠎ᠠ ᠤᠯᠠᠮ ᠭᠦᠨᠵᠡᠭᠡᠶᠢᠷᠡᠨ᠎ᠡ᠂ ᠲᠡᠳᠡᠨ ᠤ ᠶᠠᠷᠢᠯᠴᠠᠬᠤ ᠪᠠᠷ᠂ ᠦᠵᠦᠮᠦᠴᠢᠨ ᠠᠶᠢᠮᠠᠭ ᠪᠤᠯ ᠦᠶ᠎ᠡ ᠤᠯᠠᠷᠢᠨ ᠮᠤᠩᠭᠤᠯ ᠶᠡᠭᠡ ᠬᠠᠭᠠᠳ ᠤᠨ ᠬᠠᠷᠢᠶᠠᠳᠤ ᠠᠷᠠᠳ ᠪᠠᠶᠢᠭᠰᠠᠨ ᠢᠶᠠᠷ ᠦᠵᠦᠮᠦᠴᠢᠨ ᠤ ᠭᠡᠷ ᠤᠷᠤᠨ ᠰᠠᠭᠤᠴᠠ᠂ ᠬᠤᠪᠴᠠᠰᠤ ᠡᠳ᠋ᠯᠡᠯ᠂ ᠮᠠᠯ ᠰᠦᠷᠦᠭ᠂ ᠰᠢᠳᠦᠯᠭᠡ ᠪᠢᠰᠢᠷᠡᠯ᠂ ᠵᠠᠩ ᠲᠠᠳᠬᠠᠯ ᠵᠠᠩ ᠦᠢᠯᠡ ᠶᠢᠨ ᠲᠠᠯ᠎ᠠ ᠪᠠᠷ ᠪᠤᠰᠤᠳ ᠠᠴᠠ ᠤᠨᠴᠠᠯᠢᠭᠳᠠᠵᠦ ᠪᠠᠶᠢᠳᠠᠭ ᠰᠠᠶᠢᠬᠠᠨ ᠤᠭᠰᠠᠭ᠎ᠠ ᠶᠠᠰᠤᠳᠠᠳ ᠶᠤᠮ ᠭᠡᠨ᠎ᠡ᠂ ᠡᠶᠢᠮᠦ ᠪᠠᠷ ᠮᠤᠩᠭᠤᠯ ᠬᠠᠭᠠᠳ ᠤᠨ ᠴᠠᠬᠠᠷ ᠲᠦᠮᠡᠨ ᠤ ᠨᠠᠢᠮᠠᠨ ᠤᠳᠤᠭ ᠤᠨ ᠨᠢᠭᠡ ᠪᠠᠶᠢᠭᠰᠠᠨ ᠨᠢ ᠲᠡᠤᠬᠡ ᠶᠢᠨ ᠦᠨᠡᠨ᠂ ᠰᠤᠷᠬᠠᠭᠳᠠᠨᠢ ᠬᠠᠳᠤᠨ ᠴᠠᠬᠠᠷ ᠲᠦᠮᠡᠨ ᠢ ᠵᠠᠬᠢᠷᠴᠤ ᠪᠠᠶᠢᠭᠰᠠᠨ ᠢ ᠦᠵᠡᠬᠦ ᠳᠤ ᠦᠵᠦᠮᠦᠴᠢᠨ ᠠᠶᠢᠮᠠᠭ ᠨᠢ ᠲᠡᠷᠡ ᠦᠶ᠎ᠡ ᠤᠶᠢᠷᠠᠳ ᠠᠴᠠ ᠭᠡᠰᠭᠡᠯᠡᠭᠳᠡᠨ ᠴᠠᠬᠠᠷ ᠲᠤ ᠬᠠᠷᠢᠶᠠᠯᠠᠭᠳᠠᠨ ᠬᠤᠪᠢᠯᠠᠢ ᠬᠠᠭᠠᠨ ᠢ ᠲᠠᠭᠠᠵᠦ ᠪᠠᠷᠠᠭᠤᠨ ᠬᠤᠶᠢᠨ᠎ᠠ ᠠᠴᠠ ᠨᠡᠭᠦᠵᠦ ᠢᠷᠡᠭᠰᠡᠨ ᠲᠦᠯᠦᠪᠳᠡᠢ᠂ ᠬᠤᠪᠢᠯᠠᠢ ᠬᠠᠭᠠᠨ ᠤᠯᠠᠨ ᠴᠠᠭᠠᠨ ᠠᠳᠤᠭᠤᠳ ᠲᠠᠢ ᠪᠠᠶᠢᠯ᠎ᠠ ᠭᠡᠳᠡᠭ᠂ ᠮᠠᠨ ᠤ ᠦᠵᠦᠮᠦᠴᠢᠨ ᠨᠢ ᠲᠡᠷᠡ ᠴᠠᠭᠠᠨ ᠠᠳᠤᠭᠤ ᠶᠢ ᠮᠠᠯᠵᠢᠵᠦ ᠪᠠᠶᠢᠭᠰᠠᠨ ᠠᠵᠦ ᠦᠢᠯᠡᠰ ᠤᠨ ᠦᠢᠯᠡᠴᠢᠨ ᠪᠠᠶᠢᠭᠰᠠᠨ ᠠᠴᠠ ᠤᠳᠤ ᠪᠤᠯᠳᠠᠯ᠎ᠠ ᠡᠨᠡ ᠠᠳᠤᠭᠤ ᠪᠠᠨ ᠬᠠᠳᠠᠭᠠᠯᠠᠵᠦ ᠢᠷᠡᠭᠰᠡᠨ ᠨᠢ ᠭᠠᠷᠴᠠᠭ᠎ᠠ ᠦᠭᠡᠢ ᠮᠦᠷᠳᠡᠭᠡᠨ ᠨᠠᠶᠢᠰᠯᠠᠯ ᠱᠠᠩᠳᠤ ᠴᠤ ᠠᠳᠡ ᠪᠠᠰᠠ ᠬᠤᠯᠠ ᠦᠭᠡᠢ ᠶᠤᠮ ᠴᠢᠨᠢ︕ ᠭᠡᠵᠦ ᠡᠪᠦᠭᠡᠳ ᠮᠠᠨᠢ ᠰᠡᠳᠭᠢᠯ ᠦᠭᠰᠦᠵᠦ᠂ ᠲᠡᠭᠦᠨ ᠳᠡᠭᠡᠨ ᠤᠮᠤᠭᠰᠢᠵᠦ ᠪᠠᠶᠢᠯ᠎ᠠ᠃ ᠪᠤᠷᠤᠭᠠᠨ ᠠᠷᠢᠯᠵᠦ ᠲᠡᠭᠷᠢ ᠴᠡᠯᠮᠡᠭᠰᠢᠵᠦ ᠵᠡᠭᠦᠨ ᠡᠮᠦᠨ᠎ᠡ ᠵᠦᠭ ᠲᠤ ᠬᠤᠷᠴᠠ ᠦᠩᠭᠡ ᠲᠠᠢ ᠰᠤᠯᠤᠩᠭ᠎ᠠ ᠲᠠᠳᠠᠨ᠎ᠠ᠂ ᠠᠭᠤᠷ ᠠᠮᠢᠰᠬᠤᠯ ᠡᠳᠡᠭᠡᠳ ᠰᠤᠷᠭᠤᠭ ᠰᠡᠩᠭᠢᠨᠡᠭᠦᠨ᠃ ᠡᠪᠦᠭᠡ ᠪᠠ ᠲᠤᠤᠯᠢᠴᠢ ᠡᠪᠦᠭᠡᠨ ᠤ ᠶᠠᠷᠢᠶ᠎ᠠ ᠴᠤ ᠲᠠᠭᠤᠰᠴᠤ ᠮᠤᠷᠳᠠᠬᠤ ᠪᠠᠷ ᠪᠤᠯᠤᠭᠰᠠᠨ ᠳᠤ ᠠᠬ᠎ᠠ ᠮᠠᠨᠢ ᠭᠡᠷ ᠲᠤᠨᠢ ᠬᠦᠷᠭᠡᠵᠦ ᠦᠭᠬᠦ ᠪᠠᠷ ᠶᠠᠪᠤᠨ᠎ᠠ᠂ ︽ᠭᠡᠭᠡᠷ ᠬᠠᠯᠳᠠᠷ ᠮᠤᠷᠢ ᠨᠢ ᠬᠡᠨ ᠴᠤ ᠠᠳᠤᠭᠤᠨ ᠤ ᠤᠨᠠᠭ᠎ᠠ ᠶᠤᠮ ᠁︾ ᠭᠡᠵᠦ ᠲᠤᠤᠯᠢᠴᠢ ᠡᠪᠦᠭᠡᠨ ᠬᠡᠯᠪᠡᠷᠢᠨ ᠲᠠᠪᠬᠢᠭᠰᠠᠭᠠᠷ ᠲᠠᠯᠳᠠ ᠤᠷᠤᠨ᠎ᠠ᠃      ᠠᠪᠤ ᠶᠢᠨ ᠶᠠᠷᠢᠭᠰᠠᠨ ᠠᠷᠭᠠᠮᠵᠢᠶ᠎ᠠ ᠲᠠᠢ᠂ ᠡᠵᠢ ᠶᠢᠨ ᠬᠡᠯᠡᠭᠰᠡᠨ ᠦᠨᠳᠦᠰᠦ ᠲᠠᠢ᠃ ᠦᠵᠦᠮᠦᠴᠢᠨ ᠠᠮᠠᠨ ᠤᠯᠠᠮᠵᠢᠯᠠᠯ ᠶᠠᠭᠤ ᠰᠢᠪᠨᠡᠭᠡ ᠪᠤᠢ᠂ ᠲᠡᠷᠡ ᠪᠤᠯ ᠲᠡᠭᠡᠳᠦ ᠶᠢᠨ ᠲᠡᠭᠡᠳᠦ ᠠᠴᠠ ᠤᠯᠠᠮᠵᠢᠯᠠᠵᠦ ᠢᠷᠡᠭᠰᠡᠨ ᠤᠭᠰᠠᠭ᠎ᠠ ᠤᠳᠤᠮ ᠤᠨ ᠮᠠᠨᠢ ᠪᠠᠭᠠᠳᠤᠷᠯᠢᠭ ᠲᠤᠤᠯᠢᠰ ᠪᠠᠶᠢᠭ᠎ᠠ ᠶᠤᠮ᠂ ᠤᠭᠰᠠᠭᠠᠨ ᠤ ᠡᠭᠦᠰᠦᠯ ᠬᠦᠭᠵᠢᠯ ᠤᠨ ᠠᠯᠳᠠᠨ ᠲᠤᠰᠤᠯ ᠪᠤᠯᠤᠨ ᠭᠡᠷᠡᠯᠳᠦᠵᠦ ᠮᠦᠩᠭᠡᠷᠡᠨ᠎ᠡ᠃      ⒊  ᠲᠠᠭᠤᠤ ᠶᠢᠨ ᠤᠶᠠᠩᠭᠠᠨ ᠬᠤᠷᠸ᠎ᠠ      ᠦᠵᠦᠮᠦᠴᠢᠨ ᠨᠤᠲᠤᠭ ᠪᠤᠯ ᠤᠷᠳᠤ ᠶᠢᠨ ᠲᠠᠭᠤᠤ ᠲᠠᠢ ᠤᠶᠠᠩᠭᠠᠨ ᠬᠤᠷᠸ᠎ᠠ᠂ ᠤᠯᠠᠮᠵᠢᠯᠠᠯ ᠤᠨ ᠰᠠᠶᠢᠬᠠᠨ ᠡᠭᠡᠰᠢᠭᠳᠦ ᠦᠯᠦᠭᠡᠢ ᠶᠤᠮᠰᠠᠨ᠃ ᠨᠠᠶᠠᠨ ᠨᠠᠰᠤᠳᠠᠢ ᠪᠤᠭᠤᠷᠤᠯ ᠠᠴᠠ ᠨᠠᠢᠮᠠᠨ ᠨᠠᠰᠤ ᠲᠠᠢ ᠬᠡᠤᠬᠡᠳ ᠬᠦᠷᠳᠡᠯ᠎ᠡ ᠤᠷᠳᠤ ᠶᠢᠨ ᠲᠠᠭᠤᠤ ᠪᠠᠷ ᠢᠶᠠᠨ ᠤᠶᠠᠩᠭᠠᠯᠠᠵᠦ᠂ ᠪᠠᠶᠠᠰᠤᠨ ᠴᠡᠩᠭᠡᠵᠦ᠂ ᠲᠡᠭᠦᠨ ᠢᠶᠠᠷ ᠢᠶᠠᠨ ᠤᠮᠤᠭᠰᠢᠯ ᠪᠠ ᠵᠤᠯ ᠵᠢᠷᠭᠠᠯ ᠪᠤᠯᠭᠠᠳᠠᠭ ᠤᠷᠠᠯᠢᠭ ᠶᠢᠨ ᠶᠢᠷᠳᠢᠨᠴᠤ ᠭᠡᠬᠦ ᠳᠤ ᠠᠬᠠᠳᠠᠬᠤ ᠪᠠᠷ ᠦᠭᠡᠢ᠃ ᠤᠷᠳᠤ ᠶᠢᠨ ᠲᠠᠭᠤᠤ ᠨᠢ ᠨᠡᠭᠦᠳᠡᠯ ᠮᠠᠯᠵᠢᠯ ᠤᠨ ᠤᠷᠠᠯᠢᠭ ᠤᠨ ᠲᠦᠷᠬᠦ ᠶᠢ ᠲᠤᠲᠤᠷᠠᠭᠤᠯᠵᠦ᠂ ᠨᠤᠲᠤᠭ ᠤᠰᠤᠨ ᠢᠶᠠᠨ ᠮᠠᠭᠳᠠᠨ ᠲᠠᠭᠤᠯᠠᠬᠤ᠂ ᠠᠪᠤ ᠡᠵᠢ ᠶᠢᠨ ᠡᠨᠡᠷᠢᠯ ᠬᠠᠶᠢᠷ᠎ᠠ ᠶᠢ ᠰᠠᠨᠠᠨ ᠲᠠᠭᠤᠯᠠᠬᠤ᠂ ᠠᠭᠳᠠ ᠮᠤᠷᠢ ᠪᠠᠨ ᠬᠠᠨᠢᠰᠬᠠᠨ ᠲᠠᠭᠤᠯᠠᠬᠤ᠂ ᠠᠮᠠᠷᠠᠭ ᠬᠤᠩᠭᠤᠷ ᠢᠶᠠᠨ ᠰᠠᠨᠠᠭᠠᠯᠵᠠᠨ ᠲᠠᠭᠤᠯᠠᠬᠤ᠂ ᠬᠠᠷᠢ ᠳᠤ ᠮᠤᠷᠳᠠᠭᠰᠠᠨ ᠬᠡᠤᠬᠡᠨ ᠢᠶᠠᠨ ᠲᠤᠷᠠᠰᠤᠨ ᠲᠠᠭᠤᠯᠠᠬᠤ ᠵᠡᠷᠭᠡ ᠲᠠᠯ᠎ᠠ ᠪᠠᠷ ᠤᠨᠴᠠᠯᠢᠭ ᠢᠶᠠᠨ ᠪᠤᠯᠭᠠᠭᠰᠠᠨ ᠲᠠᠭᠤ ᠬᠤᠭᠤᠯᠠᠢ ᠶᠢᠨ ᠤᠷᠠᠯᠢᠭ ᠤᠨ ᠭᠠᠶᠢᠬᠠᠮᠰᠢᠭ ᠢ ᠢᠯᠡᠷᠡᠭᠦᠯᠦᠨ᠎ᠡ᠃      ᠮᠢᠨᠤ ᠡᠵᠢ ᠲᠠᠭᠤᠴᠢ ᠬᠦᠮᠦᠨ ᠪᠠᠶᠢᠭᠰᠠᠨ᠂ ᠨᠠᠮᠠᠶᠢ ᠴᠡᠷᠢᠭ ᠤᠨ ᠠᠯᠪᠠ ᠬᠠᠭᠠᠭᠠᠳ ᠢᠷᠡᠬᠦ ᠡᠪᠦᠯ ᠶᠤᠮᠰᠠᠨ᠂ ᠴᠠᠭᠠᠨ ᠰᠠᠷ᠎ᠠ ᠤᠶᠢᠷᠠᠳᠤᠭᠰᠠᠨ ᠪᠠᠶᠢᠯ᠎ᠠ᠃ ᠨᠢᠭᠡᠨ ᠤᠷᠤᠢ ᠡᠵᠢ ᠮᠢᠨᠢ ᠭᠠᠯ ᠳᠤ ᠠᠷᠭᠠᠯ ᠨᠡᠮᠡᠭᠰᠡᠨ ᠢᠶᠠᠨ ᠢᠩᠭᠢᠵᠦ ᠶᠠᠷᠢᠵᠦ ᠪᠠᠶᠢᠪᠠ ᠄ ︽ᠤᠭ ᠪᠢᠳᠡᠨ ᠢ ᠵᠠᠯᠠᠭᠤ ᠪᠠᠶᠢᠬᠤ ᠳᠤ᠂ ᠡᠬᠡᠨᠡᠷ ᠬᠦᠮᠦᠨ ᠲᠦᠷᠦ ᠶᠢᠨ ᠵᠠᠰᠠᠯ ᠭᠡᠵᠦ ᠤᠤᠵᠠ ᠲᠠᠳᠠᠭᠤᠷᠢ ᠡᠮᠦᠰᠴᠤ ᠲᠠᠯᠪᠢᠳᠠᠭ ᠪᠠᠶᠢᠭᠰᠠᠨ᠂ ᠴᠠᠭᠠᠨ ᠰᠠᠷ᠎ᠠ ᠪᠤᠯᠬᠤ ᠳᠤ ᠯᠡ ᠠᠶᠢᠯ ᠤᠨ ᠪᠠᠷᠢ ᠴᠠᠢ ᠬᠢᠵᠦ ᠴᠠᠭᠠᠨ ᠢᠳᠡᠭᠡᠨ ᠠᠮᠬᠠᠷᠠᠭᠤᠯᠤᠭᠰᠠᠨ ᠢᠶᠠᠨ ᠠᠬᠠᠮᠠᠳ ᠨᠠᠰᠤᠳᠠᠳ ᠲᠤ ᠬᠡᠮ ᠪᠠᠷᠢᠭᠠᠳ ᠠᠷᠢᠬᠢᠨ ᠢᠷᠦᠭᠡᠯ ᠬᠡᠯᠡᠮᠡᠭᠴᠡ ᠤᠷᠳᠤ ᠶᠢᠨ ᠲᠠᠭᠤᠤ ᠡᠷᠭᠦᠳᠡᠭ ᠨᠢ ᠨᠡᠶᠢᠳᠡᠮ ᠤᠨ ᠵᠠᠩᠰᠢᠯ ᠡ︕ ᠪᠢ ᠲᠡᠷᠡ ᠦᠶ᠎ᠡ ᠴᠠᠭᠠᠨ ᠰᠠᠷ᠎ᠠ ᠳᠤ ︿ᠰᠢᠵᠢᠷ ᠪᠤᠭᠳᠠ ᠶᠢᠨ ᠰᠢᠯᠢ﹀ ᠭᠡᠬᠦ ᠲᠠᠭᠤᠤ ᠶᠢ ᠭᠤᠤᠯᠳᠠᠢ ᠲᠠᠭᠤᠯᠠᠳᠠᠭ᠂ ᠬᠤᠭᠤᠯᠠᠢ ᠳᠤ ᠴᠢᠩᠭ᠎ᠠ ᠰᠢᠭ᠋ ᠪᠤᠯᠪᠠᠴᠤ ᠲᠡᠷᠡ ᠦᠶ᠎ᠡ ᠬᠤᠭᠤᠯᠠᠢ ᠰᠠᠶᠢᠨ ᠪᠤᠯᠬᠤᠷ ᠠᠵᠢᠭ ᠦᠭᠡᠢ ᠯᠡ ᠭᠠᠷᠭᠠᠳᠠᠭ ᠪᠠᠶᠢᠭᠰᠠᠨ ᠰᠢᠤ᠂ ᠡᠭᠦᠨ ᠠᠴᠠ ᠭᠠᠳᠠᠨ᠎ᠠ ᠪᠠᠰᠠ ︽ᠨᠠᠷᠢᠨ ᠬᠦᠬᠡ ᠮᠤᠷᠢ︾᠂ ︽ᠬᠦᠪᠴᠢ ᠰᠠᠭᠯᠠᠭᠠᠷ ᠮᠤᠳᠤ﹀᠂ ︿ᠠᠯᠳᠠᠨ ᠵᠢᠭᠦᠷᠳᠡᠢ ᠴᠡᠭᠴᠦᠭᠡᠢ﹀ ᠭᠡᠬᠦ ᠮᠡᠳᠦ ᠲᠠᠭᠤᠤ ᠪᠠᠷ ᠨᠠᠶᠢᠷᠯᠠᠳᠠᠭ ᠢᠶᠠᠷ ᠴᠢᠬᠢᠨ ᠳᠤ ᠬᠤᠨᠤᠭᠰᠢᠭᠰᠠᠨ ᠯᠠ ᠪᠠᠶᠢᠳᠠᠭ︾ ᠭᠡᠵᠦ ᠲᠤᠷᠠᠰᠤᠮᠵᠢᠯᠠᠬᠤ ᠳᠤ ᠪᠢ ᠡᠵᠢ ᠪᠠᠨ᠄ ︽ᠲᠡᠭᠡᠪᠡᠯ ᠴᠢ ᠨᠢᠭᠡ ᠲᠠᠭᠤᠤ ᠲᠠᠭᠤᠯᠠᠴᠢᠬ᠎ᠠ︕︾ ᠭᠡᠰᠡᠨ ᠳᠤ ᠲᠡᠷᠡ ᠢᠨᠢᠶᠡᠮᠰᠦᠭᠯᠡᠨ ᠬᠠᠷᠠᠭᠰᠠᠨ ᠢᠶᠠᠨ᠄ ︽ᠤᠳᠤ ᠶᠠᠭᠤᠨᠠᠢ ᠬᠤᠭᠤᠯᠠᠢ ᠭᠠᠷᠬᠤ ᠶᠤᠮ ᠳ᠋ᠠ︾ ᠭᠡᠬᠦ ᠳᠤ ᠪᠢ ᠡᠵᠢ ᠶᠢᠨ ᠢᠶᠠᠨ ᠲᠠᠭᠤᠤ ᠶᠢ ᠰᠤᠨᠤᠰᠤᠶ᠎ᠠ ᠭᠡᠵᠦ ᠪᠤᠳᠤᠭᠠᠳ᠄ ︽ᠲᠤᠤᠭᠤᠷ ᠡᠬᠢᠯᠡᠪᠡᠯ ᠭᠠᠷᠭᠠᠴᠢᠬᠤ ᠪᠠᠶᠢᠯᠬᠦᠢ᠂ ᠲᠠᠭᠤᠯᠠᠵᠦ ᠦᠵᠡ︕︾ ᠭᠡᠳ ᠮᠤᠷᠢᠨ ᠬᠤᠭᠤᠷ ᠤᠨ ᠡᠭᠡᠰᠢᠭ ᠢᠶᠠᠷ ᠬᠠᠪᠰᠤᠷᠬᠤ ᠳᠤ ᠡᠵᠢ ᠮᠢᠨᠢ ︽ᠰᠢᠵᠢᠷ ᠪᠤᠭᠳᠠ ᠶᠢᠨ ᠰᠢᠯᠢ︾ ᠭᠡᠳᠡᠭ ᠲᠠᠭᠤᠤ ᠪᠠᠨ ᠡᠬᠢᠯᠡᠬᠦ ᠨᠢ ᠲᠡᠷᠡ᠄      ᠰᠢᠵᠢᠷ ᠪᠤᠭᠳᠠ ᠶᠢᠨ ᠰᠢᠯᠢ ᠳᠡᠭᠡᠨ  \ ᠰᠢᠵᠢᠷᠬᠡᠨ ᠭᠤᠷᠭᠤᠤᠳᠠᠢ ᠨᠢ ᠲᠤᠩᠭᠤᠳᠤᠨ᠎ᠠ      ᠰᠢᠨ᠎ᠡ ᠰᠠᠷ᠎ᠠ ᠶᠢᠨ ᠡᠬᠢᠨ ᠳᠡᠭᠡᠨ \  ᠰᠢᠨᠡᠯᠡᠩᠬᠡᠨ ᠰᠠᠭᠤᠮᠠᠨ ᠨᠠᠶᠢᠷᠯᠠᠶ᠎ᠠ ᠳ᠋ᠠ      ᠠᠯᠳᠠᠨ ᠪᠤᠭᠳᠠ ᠶᠢᠨ ᠰᠢᠯᠢ ᠳᠡᠭᠡᠨ \  ᠠᠯᠳᠠᠨ ᠭᠤᠷᠭᠤᠤᠯᠳᠠᠢ ᠨᠢ ᠵᠡᠷᠭᠢᠨ᠎ᠡ      ᠠᠮᠤᠭᠤᠯᠠᠩᠳᠤ ᠰᠠᠷ᠎ᠠ ᠶᠢᠨ ᠡᠬᠢᠨ ᠳᠡᠭᠡᠨ \  ᠠᠬᠢ ᠪᠤᠭᠤᠷᠤᠯ ᠤᠳ ᠲᠠᠭᠠᠨ ᠵᠤᠯᠭᠠᠶ᠎ᠠ︕ ᠭᠡᠵᠦ ᠬᠤᠷᠸ᠎ᠠ ᠤᠶᠠᠷᠠᠮ᠎ᠠ ᠲᠠᠭᠤᠯᠠᠵᠦ ᠪᠢᠯᠡ᠂ ᠪᠢ ᠶᠡᠬᠡᠳᠡ ᠰᠡᠳᠭᠢᠯ ᠬᠦᠳᠡᠯᠦᠨ᠎ᠡ᠂ ᠡᠬᠡᠯ ᠵᠢᠷ ᠤᠨ ᠨᠢᠭᠡᠨ ᠡᠵᠢ ᠮᠢᠨᠢ ᠪᠠᠰᠠ ᠡᠶᠢᠮᠤ ᠰᠠᠶᠢᠬᠠᠨ ᠤᠷᠠᠯᠢᠭ ᠤᠨ ᠠᠪᠢᠶᠠᠰ ᠲᠠᠢ ᠪᠠᠶᠢᠵᠠᠢ᠂ ᠬᠦᠭᠡᠷᠦᠭᠦᠢ᠃ ᠢᠩᠭᠢᠭᠡᠳ ᠪᠢ ᠡᠵᠢ ᠠᠴᠠ ᠪᠠᠨ ᠤᠯᠠᠨ ᠰᠠᠶᠢᠬᠠᠨ ᠠᠶᠠᠰ ᠲᠠᠢ ᠤᠷᠳᠤ ᠶᠢᠨ ᠲᠠᠭᠤᠤ ᠶᠢᠨ ᠦᠭᠡ ᠶᠢ ᠲᠡᠮᠳᠡᠭᠯᠡᠨ ᠠᠪᠴᠤ᠂ ᠠᠶᠠᠰ ᠲᠠᠢ ᠨᠢ ᠲᠠᠭᠠᠷᠠᠭᠤᠯᠤᠨ ᠲᠠᠭᠤᠯᠠᠳᠠᠭ ᠢᠶᠠᠷ ᠮᠠᠯ ᠳᠠᠭᠠᠨ ᠶᠠᠪᠤᠭᠰᠠᠨ ᠴᠤ᠂ ᠤᠷᠤᠭ ᠬᠤᠷᠢᠮ ᠳᠤ ᠬᠦᠷᠦᠭᠰᠡᠨ ᠴᠤ ᠤᠷᠳᠤ ᠶᠢᠨ ᠲᠠᠭᠤᠤ ᠪᠠᠨ ᠲᠠᠭᠤᠯᠠᠳᠠᠭ ᠪᠤᠯᠤᠭᠰᠠᠨ ᠶᠤᠮ᠃      ᠡᠷᠳᠡᠨᠢ ᠭᠤᠤᠯ ᠤᠨ ᠵᠤ ᠲᠡᠭᠡᠷ᠎ᠡ ᠮᠠᠨᠠᠶᠢᠬᠢᠨ ᠬᠤᠳᠠ ᠠᠪᠤ ᠶᠢᠨ ᠲᠠᠢ ᠤᠶᠢᠷᠠᠯᠴᠠᠭ᠎ᠠ ᠵᠤᠰᠠᠪᠠ᠃ ᠬᠤᠳᠠ ᠠᠪᠤ ᠪᠤᠯ ᠤᠯᠤᠰ ᠤᠷᠤᠨ ᠳᠠᠭᠠᠨ ᠠᠯᠳᠠᠷᠳᠠᠢ ᠮᠤᠷᠢᠨ ᠬᠤᠭᠤᠷᠴᠢᠨ ᠶᠤᠮ᠂ ᠲᠡᠷᠡ ᠶᠠᠷᠤ ᠨᠢ ᠨᠡᠷᠡᠮᠡᠯ ᠠᠷᠢᠬᠢᠨ ᠳᠤ ᠲᠤᠷᠠᠳᠠᠢ ᠪᠤᠯᠪᠠᠴᠤ ᠬᠦᠮᠦᠨ ᠢᠶᠠᠷ ᠰᠠᠶᠢᠨ ᠬᠡᠤᠬᠡᠳ ᠦᠭᠦᠬᠡᠷᠳᠡᠭᠰᠡᠨ ᠡᠪᠦᠭᠡᠨ ᠪᠠᠶᠢᠪᠠ᠂ ︽ᠠᠪᠠᠢ︾ ᠭᠡᠵᠦ ᠡᠷᠭᠦᠮᠵᠢᠯᠡᠨ ᠲᠠᠭᠤᠳᠠᠳᠠᠭ᠃ ᠠᠪᠠᠢ ᠠᠪᠤ ᠬᠠᠯᠠᠮᠰᠢᠪᠠᠯ ᠠᠷᠪᠠᠭᠠᠳ ᠬᠦᠮᠦᠨ ᠬᠦᠭᠵᠢᠮ ᠨᠡᠶᠢᠯᠡᠭᠦᠯᠬᠦ ᠪᠤᠶᠤ ᠮᠤᠷᠢᠨ ᠬᠤᠭᠤᠷ ᠤᠨ ᠲᠠᠭᠤᠨ ᠰᠤᠨᠤᠰᠬᠤ ᠪᠠᠷ ᠰᠠᠭᠠᠬᠠᠯᠳᠠ ᠶᠢᠨ ᠬᠢᠨ ᠴᠤᠭᠯᠠᠷᠠᠳᠠᠭ ᠪᠠᠶᠢᠨ᠎ᠠ᠃ ᠡᠳᠡᠨᠡᠶᠢᠬᠢ ᠭᠡᠷ ᠤᠨ ᠲᠤᠲᠤᠷ᠎ᠠ ᠪᠠᠨ ᠮᠤᠷᠢᠨ ᠬᠤᠭᠤᠷ᠂ ᠯᠢᠩᠪᠤ᠂ ᠲᠦᠷᠪᠡᠨ ᠤᠳᠠᠰᠤᠳᠤ ᠬᠤᠭᠤᠷ᠂ ᠡᠷᠡᠭᠦᠤ ᠬᠤᠭᠤᠷ ᠮᠡᠳᠦ ᠶᠢᠨ ᠬᠦᠭᠵᠢᠮ ᠤᠨ ᠵᠦᠢᠯᠳᠡ ᠬᠤᠶᠢᠮᠦᠷ ᠦᠷᠦᠭᠡᠰᠦᠳᠡᠢ᠂ ᠪᠤᠰᠤᠳ ᠠᠴᠠ ᠢᠯᠭᠠᠭᠳᠠᠬᠤ ᠲᠠᠯ᠎ᠠ ᠶᠢᠨ ᠪᠤᠯᠪᠠᠰᠤᠨ ᠮᠠᠯᠴᠢᠨ ᠡᠷᠦᠬᠡ ᠭᠡᠳᠡᠭ ᠨᠢ ᠢᠯᠡᠷᠬᠡᠢ᠂ ᠨᠠᠢᠮᠠᠨ ᠲᠠᠯ᠎ᠠ ᠶᠢᠨ ᠰᠤᠮᠤ ᠮᠤᠳᠤᠨ ᠴᠠᠷ᠎ᠠ ᠲᠠᠢ ᠶᠠᠰᠤᠨ ᠰᠡᠶᠢᠯᠡᠪᠦᠷᠢ ᠲᠠᠢ ᠮᠤᠷᠢᠨ ᠬᠤᠭᠤᠷ ᠪᠠᠶᠢᠵᠦ᠂ ᠲᠠᠭᠤ ᠨᠢ ᠮᠠᠰᠢ ᠲᠤᠩᠭᠠᠯᠠᠭ ᠂ ᠬᠤᠳᠠ ᠠᠪᠤ ᠴᠤ ᠰᠠᠶᠢᠬᠠᠨ ᠬᠦᠭᠵᠢᠮᠳᠡᠳᠡᠭ ᠢᠶᠠᠷ ᠤᠷᠤᠨ ᠤ ᠮᠤᠷᠢᠨ ᠬᠤᠭᠤᠷ ᠤᠨ ᠤᠷᠤᠯᠳᠤᠭᠠᠨ ᠳᠤ ᠲᠡᠷᠢᠭᠦᠯᠡᠵᠦ᠂ ᠠᠯᠳᠠᠨ ᠮᠧᠲᠠᠯ ᠤᠯᠵᠠᠢ᠃ ᠨᠢᠭᠡᠨ ᠦᠳᠡᠰᠢ᠂ ᠡᠵᠢ ᠮᠢᠨᠢ ᠨᠠᠮᠠᠶᠢ ᠲᠠᠭᠠᠭᠤᠯᠤᠨ ᠲᠠᠭᠤᠤ ᠬᠦᠭᠵᠢᠮ ᠰᠤᠨᠤᠰᠬᠤ ᠪᠠᠷ ᠬᠦᠷᠦᠭᠰᠡᠨ ᠨᠢ ᠲᠤᠩ ᠰᠠᠶᠢᠬᠠᠨ ᠵᠠᠪᠰᠢᠶᠠᠨ ᠪᠤᠯᠤᠭᠰᠠᠨ ᠳ᠋ᠠ᠂ ᠡᠨᠡᠬᠦ ᠶᠡᠭᠡ ᠬᠤᠭᠤᠷᠴᠢ ᠶᠢᠨ ᠮᠠᠨᠢ ᠭᠡᠷ ᠢᠶᠠᠷ ᠢᠶᠠᠨ ᠲᠠᠭᠤᠤ ᠬᠦᠭᠵᠢᠮ ᠳᠤ ᠠᠪᠢᠶᠠᠰ ᠲᠠᠢ ᠤᠯᠤᠰ᠂ ᠠᠪᠠᠢ ᠠᠪᠤ ᠬᠤᠭᠤᠷ ᠬᠦᠭᠵᠢᠮᠳᠡᠬᠦ ᠳᠤ ᠲᠡᠭᠦᠨ ᠤ ᠡᠬᠡᠴᠢ ᠨᠢ ᠴᠤ ᠮᠠᠰᠢ ᠴᠢᠩᠭ᠎ᠠ ᠬᠤᠭᠤᠯᠠᠢ ᠲᠠᠢ ᠲᠠᠭᠤᠴᠢ ᠬᠦᠮᠦᠨ᠂ ᠲᠡᠷᠡ ᠤᠷᠤᠢ ︽ᠰᠤᠶᠤᠭ ᠪᠤᠷᠤ ᠮᠤᠷᠢ︾᠂ ︽ᠰᠡᠷᠢᠭᠦᠨ ᠰᠠᠶᠢᠬᠠᠨ ᠬᠠᠩᠭᠠᠢ︾ ᠵᠡᠷᠭᠡ ᠲᠠᠭᠤᠤ ᠪᠠ ︽ᠭᠦᠯᠢ ᠴᠠᠭᠠᠨ ᠠᠰᠠᠷ︾᠂ ︽ᠠᠳᠤᠭᠤᠴᠢᠨ ᠠᠰᠠᠷ︾ ᠭᠡᠳ ᠨᠠᠶᠢᠷᠠᠯ ᠬᠦᠭᠵᠢᠮ ᠤᠨ ᠠᠶᠠᠰ ᠴᠤ ᠤᠶᠠᠩᠭ᠎ᠠ ᠦᠯᠡᠮᠵᠢ ᠡ᠃ ᠲᠡᠷᠡ ᠤᠯᠠᠨ ᠳᠤ ᠬᠡᠯᠡᠬᠦ ᠳᠡᠭᠡᠨ᠄ ︽ᠬᠤᠭᠤᠷ ᠤᠨ ᠬᠦᠭ ᠳᠤ ᠲᠠᠩ ᠬᠦᠭ ᠪᠤᠷᠵᠢᠭᠠᠨ ᠬᠦᠭ ᠭᠡᠵᠦ ᠪᠤᠢ᠂ ᠤᠷᠳᠤ ᠶᠢᠨ ᠲᠠᠭᠤᠤ ᠳᠤ ᠴᠠᠶᠢᠷᠠᠭᠤᠯᠬᠤ᠂ ᠰᠢᠷᠭᠤᠭᠤᠯᠬᠤ᠂ ᠡᠭᠡᠰᠢᠭ ᠨᠤᠭᠤᠯᠤᠭ᠎ᠠ ᠭᠡᠵᠦ ᠪᠤᠢ᠂ ᠴᠠᠶᠢᠷᠠᠭᠤᠯᠬᠤ ᠭᠡᠰᠡᠭ ᠢ ᠦᠳᠭᠡᠨ ᠬᠤᠭᠤᠯᠠᠢ ᠪᠠᠷ ᠰᠢᠷᠭᠤᠭᠤᠯᠵᠦ ᠭᠠᠷᠭᠠᠪᠠᠯ ᠪᠤᠷᠵᠢᠭᠯᠠᠬᠤ ᠭᠡᠵᠦ ᠬᠡᠯᠡᠨ᠎ᠡ᠃ ᠮᠤᠷᠢᠨ ᠬᠤᠭᠤᠷ ᠲᠤ ᠤᠷᠳᠤ ᠶᠢᠨ ᠲᠠᠭᠤᠤ ᠶᠢ ᠤᠯᠠᠩᠬᠢ ᠳᠠᠭᠠᠨ ᠪᠤᠷᠵᠢᠭᠠᠨ ᠬᠦᠭ ᠲᠡᠭᠡᠷ᠎ᠡ ᠲᠠᠷᠤᠳᠠᠭ ᠶᠤᠮ ᠡ᠂ ᠡᠶᠢᠮᠦ ᠠᠴᠠ ᠲᠠᠭᠤᠤ ᠶᠢ ᠪᠤᠷᠵᠢᠭᠯᠠᠵᠦ ᠲᠠᠭᠤᠯᠠᠪᠠᠯ ᠬᠤᠭᠤᠯᠠᠢ ᠬᠤᠭᠤᠷ ᠬᠤᠶᠠᠷ ᠤᠨ ᠡᠭᠡᠰᠢᠭ ᠨᠢ ᠰᠠᠶᠢᠬᠠᠨ ᠨᠡᠶᠢᠯᠡᠵᠦ ᠮᠠᠰᠢ ᠭᠤᠶᠢᠳᠡ ᠰᠤᠨᠤᠰᠪᠤᠷᠢᠳᠡᠢ ᠪᠠᠶᠢᠳᠠᠭ ᠰᠢᠤ︾ ᠭᠡᠵᠦ ᠤᠨᠤᠯᠵᠢᠭᠤᠯᠤᠨ ᠶᠠᠷᠢᠨ᠎ᠠ᠂ ᠲᠡᠷᠡ ᠤᠷᠤᠢ ᠨᠠᠳᠠ ᠳᠤ ᠶᠠᠷᠤ ᠮᠠᠷᠳᠠᠭᠳᠠᠰᠢ ᠦᠭᠡᠢ ᠲᠤᠷᠠᠳᠬᠠᠯ ᠪᠤᠯᠵᠦ ᠲᠡᠭᠡᠳᠦᠯᠡᠭᠳᠡᠭᠰᠡᠨ ᠶᠤᠮ᠃      ᠪᠤᠭᠤᠷᠤᠯ ᠤᠳ ᠤᠨ ᠮᠠᠨᠢ ᠪᠦᠷᠢᠨ ᠪᠤᠰᠤ ᠴᠤᠭᠯᠠᠭᠤᠯᠭ᠎ᠠ ᠳᠤ ᠵᠦᠪᠬᠡᠨ ᠤᠯᠠᠮᠵᠢᠯᠠᠯᠳᠤ ᠦᠵᠦᠮᠦᠴᠢᠨ ᠠᠷᠠᠳ ᠤᠨ ᠤᠷᠳᠤ ᠶᠢᠨ ᠲᠠᠭᠤᠤ ᠨᠢ ᠬᠤᠶᠠᠷ ᠵᠠᠭᠤ ᠭᠠᠷᠤᠢ ᠦᠷᠭᠡᠨ ᠪᠦᠳᠦᠭᠡᠯ ᠪᠦᠷᠢᠳᠭᠡᠭᠳᠡᠵᠦ ᠪᠠᠶᠢᠬᠤ ᠠᠴᠠ ᠦᠵᠦᠮᠦᠴᠢᠨ ᠪᠤᠯ ᠲᠠᠭᠤᠤ ᠶᠢᠨ ᠤᠶᠠᠩᠭᠠᠨ ᠬᠤᠷᠸ᠎ᠠ᠂ ᠤᠷᠳᠤ ᠶᠢᠨ ᠲᠠᠭᠤᠤ ᠶᠢᠨ ᠦᠯᠦᠭᠡᠢ ᠪᠤᠯᠤᠭᠰᠠᠨ ᠶᠤᠮ᠃ 2005 ᠤᠨ ᠳᠤ ᠮᠤᠩᠭᠤᠯ ᠤᠷᠳᠤ ᠶᠢᠨ ᠲᠠᠭᠤᠤ ᠮᠠᠨᠢ ᠲᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠭᠳᠡᠨ ᠲᠠᠩᠰᠠᠯᠠᠭᠤᠯᠤᠭᠰᠠᠨ ᠪᠢᠯᠡ᠃           ᠲᠦᠷᠪᠡ᠂ ᠦᠴᠦᠬᠡᠨ ᠮᠢᠨᠤ ᠦᠵᠡᠯᠳᠡ      ᠲᠡᠭᠡᠷᠡᠬᠢ ᠪᠤᠯ ᠭᠡᠷ ᠤᠨ ᠬᠦᠮᠦᠵᠢᠯ ᠤᠨ ᠬᠡᠤᠬᠡᠳ ᠢ ᠬᠦᠮᠦᠵᠢᠭᠦᠯᠬᠦ ᠮᠤᠩᠭᠤᠯ ᠤᠬᠠᠭᠠᠨ ᠤ ᠨᠢᠬᠡ ᠭᠡᠰᠡᠭ ᠯᠡ ᠲᠡᠳᠦᠢ᠃ ᠮᠤᠩᠭᠤᠯ ᠭᠡᠷ ᠤᠨ ᠬᠦᠮᠦᠵᠢᠯ ᠳᠤ ᠲᠡᠭᠦᠨ ᠤ ᠮᠦᠨ ᠴᠢᠨᠠᠷ ᠨᠢ ᠪᠡᠯᠴᠢᠭᠡᠷ ︵ᠪᠠᠶᠢᠭᠠᠯᠢ︶ ᠤᠨ ᠠᠮᠢ ᠠᠬᠤᠢ ᠶᠢ ᠠᠰᠢᠭᠯᠠᠵᠦ ᠬᠠᠮᠠᠭᠠᠯᠠᠬᠤ ᠦᠨᠳᠦᠰᠦᠯᠡᠯ ᠠᠴᠠ ᠡᠭᠦᠰᠴᠦ ᠮᠠᠯᠵᠢᠬᠤ ᠦᠢᠯᠡᠳᠪᠦᠷᠢᠯᠡᠯ ᠠᠮᠢᠳᠤᠷᠠᠯ ᠤᠨ ᠠᠵᠢᠯᠯᠠᠭ᠎ᠠ ᠪᠠᠨ ᠶᠠᠪᠤᠭᠤᠯᠳᠠᠭ ᠶᠤᠰᠤᠨ ᠢ ᠲᠤᠮᠤᠭ ᠢᠶᠠᠷ ᠲᠠᠮᠵᠢᠭᠤᠯᠤᠨ ᠢᠯᠡᠷᠡᠭᠦᠯᠵᠦ ᠪᠠᠶᠢᠬᠤ᠂ ᠮᠤᠩᠭᠤᠯ ᠭᠡᠷ ᠤᠨ ᠪᠦᠳᠦᠴᠡ ᠨᠡᠭᠦᠳᠡᠯ ᠤᠨ ᠦᠨᠳᠦᠰᠦᠨ ᠬᠡᠷᠡᠭᠰᠡᠯ ᠮᠡᠳᠡᠬᠦᠯᠬᠦ᠂ ᠬᠡᠤᠬᠡᠳ ᠲᠤ ᠦᠯᠢᠭᠡᠷ ᠬᠡᠯᠡᠵᠦ ᠤᠨᠢᠰᠤᠭ᠎ᠠ ᠲᠠᠭᠠᠯᠴᠠᠭᠠᠬᠤ ᠪᠠᠷ ᠲᠠᠮᠵᠢᠭᠤᠯᠤᠨ ᠤᠶᠤᠨ ᠢ ᠨᠢ ᠨᠡᠭᠡᠭᠡᠬᠦ ᠶᠢ ᠢᠮᠠᠭᠳᠠ ᠠᠩᠬᠠᠷᠴᠦ ᠪᠠᠶᠢᠬᠤ᠂ ᠠᠶᠢᠮᠠᠭ ᠤᠭᠰᠠᠭ᠎ᠠ ᠶᠢ ᠨᠢ ᠮᠡᠳᠡᠭᠦᠯᠵᠦ ᠭᠠᠵᠠᠷ ᠤᠰᠤᠨ ᠢ ᠨᠢ ᠲᠠᠨᠢᠭᠤᠯᠵᠦ ᠪᠠᠶᠢᠬᠤ᠂ ᠬᠡᠤᠬᠡᠳ ᠢ ᠪᠠᠭ᠎ᠠ ᠠᠴᠠ ᠨᠢ ᠰᠢᠰᠲ᠋ᠧᠮ ᠲᠠᠢ ᠪᠠᠷ ᠠᠮᠢᠳᠤᠷᠠᠯ ᠵᠠᠩ ᠦᠢᠯᠡ ᠪᠠᠷ ᠬᠦᠮᠦᠵᠢᠭᠦᠯᠬᠦ ᠶᠢ ᠰᠤᠯᠠᠷᠠᠯ ᠦᠭᠡᠢ ᠠᠳᠬᠤᠵᠦ ᠪᠠᠶᠢᠬᠤ ᠪᠦᠬᠡᠳ ᠬᠡᠤᠬᠡᠳ ᠤᠳ ᠡᠷ᠎ᠡ ᠶᠢᠨ ᠴᠡᠭᠡᠯ ᠳᠤ ᠬᠦᠷᠤᠮᠡᠭᠴᠡ ᠪᠡᠶ᠎ᠡ ᠪᠠᠨ ᠲᠠᠭᠠᠭᠠᠭᠰᠠᠨ ᠤᠢ ᠤᠬᠠᠭᠠᠨ ᠪᠦᠬᠦᠢ ᠠᠮᠢᠳᠤᠷᠠᠯ ᠤᠨ ᠬᠦᠴᠦᠨ ᠲᠠᠢ ᠪᠤᠯᠵᠦ ᠬᠦᠮᠦᠵᠢᠳᠡᠭ ᠵᠡᠷᠭᠡ ᠠᠭᠤᠯᠭ᠎ᠠ ᠶᠢ ᠲᠤᠰᠬᠠᠪᠠ᠃ ᠰᠢᠯᠢᠳᠡᠭ ᠤᠯᠠᠮᠵᠢᠯᠠᠯ ᠠᠴᠠ ᠪᠢᠳᠡ ᠬᠡᠤᠬᠡᠳ ᠬᠦᠮᠦᠵᠢᠭᠦᠯᠬᠦ ᠠᠷᠭ᠎ᠠ ᠨᠢ ᠵᠠᠪᠠᠯ ᠪᠤᠳᠠᠳᠤ ᠠᠮᠢᠳᠤᠷᠠᠯ ᠤᠨ ᠮᠡᠳᠡᠯᠭᠡ ᠠᠴᠠ ᠰᠠᠭᠤᠷᠢᠯᠠᠵᠦ ᠂ ᠬᠡᠯᠡᠵᠦ ᠪᠠᠶᠢᠬᠤ ᠦᠬᠡ ᠨᠢᠭᠡᠪᠦᠷᠢ ᠴᠢᠨᠢ ᠦᠨᠳᠦᠰᠦᠯᠡᠯ ᠲᠠᠢ ᠪᠠᠶᠢᠬᠤ᠂ ᠰᠤᠷᠭᠠᠵᠦ ᠪᠠᠶᠢᠬᠤ ᠶᠠᠪᠤᠳᠠᠯ ᠴᠢᠨᠢ ᠠᠮᠢᠳᠤᠷᠠᠯ  ᠲᠠᠢ ᠪᠠᠶᠢᠬᠤ᠂ ᠲᠡᠤᠬᠡ ᠲᠤᠮᠤᠭ ᠢᠶᠠᠷ ᠦᠪᠡᠷ ᠤᠨ ᠬᠢᠨᠢ ᠤᠭᠰᠠᠭ᠎ᠠ ᠶᠠᠰᠤᠳᠠᠨ ᠢ ᠨᠢ ᠮᠡᠳᠡᠭᠦᠯᠬᠦ ᠪᠠ ᠭᠠᠵᠠᠷ ᠤᠰᠤᠨ ᠢ ᠨᠢ ᠲᠠᠨᠢᠭᠤᠯᠬᠤ ᠪᠠᠷ ᠤᠶᠤᠨ ᠤᠬᠠᠭᠠᠨ ᠢ ᠨᠢ ᠪᠠᠶᠠᠯᠢᠭᠵᠢᠭᠤᠯᠵᠦ ᠪᠠᠶᠢᠬᠤ ᠶᠢ ᠬᠠᠷᠠᠭᠤᠯᠵᠦ ᠪᠠᠶᠢᠨ᠎ᠠ᠃ ᠭᠠᠵᠠᠷ ᠤᠰᠤᠨ ᠳᠠᠭᠠᠨ ᠬᠠᠶᠢᠷ᠎ᠠ ᠰᠡᠳᠭᠢᠯᠭᠡ ᠲᠠᠢ ᠬᠦᠮᠦᠨ ᠰᠠᠶ᠋ᠢ ᠠᠮᠢᠳᠤᠷᠠᠯ ᠢᠶᠠᠨ ᠬᠠᠶᠢᠷᠠᠯᠠᠵᠦ᠂ ᠠᠷᠠᠳ ᠲᠦᠮᠡᠨ ᠢᠶᠠᠨ ᠬᠠᠶᠢᠷᠠᠯᠠᠵᠦ᠂ ᠡᠬᠡ ᠤᠷᠤᠨ ᠢᠶᠠᠨ ᠬᠠᠶᠢᠷᠠᠯᠠᠳᠠᠭ ᠬᠦᠮᠦᠨ ᠪᠤᠯᠵᠦ ᠬᠦᠮᠦᠵᠢᠵᠦ ᠴᠢᠳᠠᠨ᠎ᠠ᠃      ᠤᠳᠤᠬᠢ ᠮᠠᠯᠵᠢᠬᠤ ᠤᠷᠤᠨ ᠤ ᠰᠤᠷᠭᠠᠨ ᠬᠦᠮᠦᠵᠢᠯ ᠬᠦᠷᠳᠡᠭᠰᠡᠳ ᠤᠨ ᠬᠡᠪ ᠤᠨ ᠪᠤᠶᠢᠵᠢᠯᠳᠡ ᠶᠠᠮᠠᠷ ᠪᠠᠶᠢᠬᠤ ᠲᠤᠬᠠᠢ ᠰᠤᠳᠤᠯᠤᠭᠤᠰᠢᠳᠡᠢ ᠪᠦᠭᠡᠳ ᠬᠦᠨᠳᠦᠳᠭᠡᠭᠦᠰᠢᠳᠡᠢ ᠶᠠᠪᠤᠳᠠᠯ ᠪᠤᠯᠤᠨ᠎ᠠ᠃ ᠤᠶᠢᠷ᠎ᠠ ᠶᠢᠨ ᠵᠢᠯ ᠠᠴᠠ ᠶᠡᠭᠡ ᠰᠤᠷᠭᠠᠭᠤᠯᠢ ᠲᠡᠭᠦᠰᠦᠭᠰᠡᠨ ᠤᠶᠤᠳᠠᠳ ᠠᠵᠢᠯ ᠤᠯᠬᠤ ᠦᠭᠡᠢ ᠪᠠᠶᠢᠭ᠎ᠠ ᠶᠢᠨ ᠦᠨᠳᠦᠰᠦᠨ ᠰᠢᠯᠳᠠᠭᠠᠨ ᠨᠢ ᠵᠦᠪᠬᠡᠨ ᠪᠢᠴᠢᠭ ᠬᠠᠭᠤᠳᠠᠰᠤᠨ ᠤ ᠮᠡᠳᠡᠯᠭᠡ ᠲᠡᠳᠦᠢ ᠠᠴᠠ ᠪᠢᠰᠢ ᠵᠢᠩᠬᠢᠨᠢ ᠦᠢᠯᠡᠳᠦᠯᠭᠡ ᠲᠠᠢ ᠤᠶᠠᠯᠳᠤᠬᠤ ᠪᠠ ᠨᠡᠶᠢᠭᠡᠮ ᠲᠠᠢ ᠤᠶᠢᠷᠠᠳᠤᠬᠤ ᠮᠡᠳᠡᠯᠭᠡ ᠴᠢᠳᠠᠪᠤᠷᠢ ᠶᠢ ᠡᠵᠡᠮᠰᠢᠭᠰᠡᠨ ᠲᠠᠯ᠎ᠠ ᠪᠠᠷ ᠲᠤᠳᠠᠮᠠᠭ ᠪᠠᠶᠢᠳᠠᠭ᠂ ᠡᠨᠡ ᠨᠢ ᠪᠤᠳᠠᠳᠤ ᠴᠤᠭᠴᠠ ᠶᠢ ᠭᠦᠬᠡᠬᠡᠴᠡᠯᠳᠤᠳᠡᠭ ᠵᠠᠬ᠎ᠠ ᠲᠡᠯᠭᠡᠭᠦᠷ ᠤᠨ ᠬᠡᠷᠡᠭᠴᠡᠭᠡ ᠲᠠᠢ ᠲᠡᠩᠴᠦ ᠨᠡᠶᠢᠴᠡᠬᠦ ᠦᠭᠡᠢ ᠪᠤᠯᠤᠭᠰᠠᠨ ᠢᠯᠡᠷᠬᠡᠢ᠃ ᠮᠠᠯᠵᠢᠬᠤ ᠤᠷᠤᠨ ᠤ ᠤᠶᠤᠳᠠᠳ  ᠨᠢ ᠬᠤᠳᠠ ᠳᠤ ᠤᠷᠤᠵᠦ ᠠᠮᠢᠳᠤᠷᠠᠬᠤ ᠲᠤᠷᠠᠳᠠᠢ ᠪᠤᠯᠪᠠᠴᠦ ᠬᠤᠳᠠ ᠶᠢᠨ ᠬᠢᠳᠡᠯ ᠢ ᠮᠡᠳᠡᠬᠦ ᠦᠭᠡᠢ᠂ ᠬᠦᠳᠡᠭᠡ ᠬᠦᠷᠪᠡᠴᠦ ᠬᠦᠳᠡᠭᠡ ᠶᠢᠨ ᠦᠢᠯᠡᠳᠪᠦᠷᠢᠯᠡᠯ ᠠᠮᠢᠳᠤᠷᠠᠯ ᠠᠴᠠ ᠵᠠᠶᠢᠳᠠᠴᠢᠭᠰᠠᠨ ᠲᠡᠨᠤᠭᠦᠯ ᠬᠦᠮᠦᠰ ᠤᠯᠠᠰᠢᠷᠠᠭᠰᠠᠨ ᠦᠵᠡᠭᠳᠡᠯ ᠭᠠᠵᠠᠷ ᠰᠠᠶ᠎ᠠ ᠦᠭᠡᠢ ᠬᠠᠷᠠᠭᠳᠠᠵᠦ ᠪᠤᠢ᠃ ᠡᠨᠡ ᠨᠢ ᠶᠠᠭᠤ ᠶᠢ ᠬᠠᠷᠠᠭᠤᠯᠵᠦ ᠪᠠᠶᠢᠬᠤ ᠪᠤᠢ︖ ᠰᠢᠭᠤᠳ ᠬᠡᠯᠡᠪᠡᠯ ᠰᠤᠷᠭᠠᠨ ᠬᠦᠮᠦᠵᠢᠯ ᠳᠤ ᠠᠰᠠᠭᠤᠳᠠᠯ ᠤᠷᠤᠰᠢᠵᠦ ᠪᠠᠶᠢᠬᠤ ᠶᠢ ᠲᠤᠰᠬᠠᠵᠦ ᠪᠠᠶᠢᠨ᠎ᠠ᠃ ᠠᠩᠬᠠᠨ ᠳᠤ ᠶᠡᠭᠡ ᠰᠤᠷᠭᠠᠭᠤᠯᠢ ᠶᠢᠨ ᠤᠶᠤᠳᠠᠨ ᠭᠡᠪᠡᠯ ᠪᠢᠴᠢᠵᠦ ᠵᠢᠷᠤᠬᠤ᠂ ᠬᠡᠯᠡᠵᠦ ᠶᠠᠷᠢᠬᠤ᠂ ᠬᠡᠷᠡᠭ ᠪᠤᠳᠠᠰ ᠢ ᠰᠢᠨᠵᠢᠯᠡᠨ ᠰᠤᠳᠤᠯᠬᠤ ᠲᠠᠯ᠎ᠠ ᠪᠠᠷ ᠴᠢᠳᠠᠮᠠᠭᠠᠢ ᠪᠠᠶᠢᠳᠠᠭ ᠢᠶᠠᠷ ᠨᠡᠶᠢᠭᠡᠮ ᠲᠡᠭᠡᠷ᠎ᠡ ᠬᠦᠨᠳᠦᠳᠭᠡᠭᠳᠡᠨ ᠬᠡᠷᠡᠭᠯᠡᠭᠳᠡᠳᠡᠭ᠂ ᠭᠡᠳᠡᠯ᠎ᠡ ᠤᠳᠤ ᠤᠯᠠᠩᠬᠢ ᠤᠶᠤᠳᠠᠳ ᠮᠡᠳᠡᠬᠦ ᠦᠭᠡᠢ ᠴᠢᠳᠠᠬᠤ ᠦᠭᠡᠢ ᠨᠢ ᠤᠯᠠᠨᠳᠠᠢ ᠪᠤᠯᠤᠭᠰᠠᠨ ᠰᠢᠭ᠋ ᠠᠵᠢᠭᠯᠠᠭᠳᠠᠨ᠎ᠠ᠃ ᠨᠡᠩ ᠢᠯᠠᠩᠭᠤᠶ᠎ᠠ ᠮᠠᠯᠵᠢᠬᠤ ᠤᠷᠤᠨ ᠤ ᠬᠡᠤᠬᠡᠳ ᠬᠤᠳᠠ ᠳᠤ ᠰᠤᠷᠭᠠᠭᠤᠯᠢ ᠶᠢ ᠲᠦᠪᠯᠡᠷᠡᠭᠦᠯᠦᠭᠰᠡᠨ ᠠᠴᠠ ᠪᠤᠯᠵᠦ᠂ ᠪᠠᠭ᠎ᠠ ᠠᠴᠠ ᠨᠢ ᠬᠦᠳᠡᠭᠡ ︵ᠭᠠᠳᠠᠭᠠᠳᠤ ᠤᠷᠴᠢᠨ︶ ᠶᠢᠨ ᠪᠤᠳᠠᠳᠤ ᠤᠷᠴᠢᠨ ᠲᠤᠭᠤᠷᠢᠨ ᠤ ᠨᠦᠯᠦᠭᠡᠯᠡᠯ ᠢ ᠬᠦᠷᠳᠡᠬᠦ ᠦᠭᠡᠢ ᠪᠤᠯᠤᠭᠰᠠᠨ ᠢᠶᠠᠷ ᠭᠡᠷ ᠠᠴᠠ ᠴᠡᠴᠡᠷᠯᠢᠭ᠂ ᠴᠡᠴᠡᠷᠯᠢᠭ ᠠᠴᠠ ᠰᠤᠷᠭᠠᠭᠤᠯᠢ ᠳᠤ ᠶᠠᠪᠤᠬᠤ ᠪᠤᠯᠤᠭᠰᠠᠨ ᠪᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠨᠢ ᠲᠠᠩ ᠴᠤᠯᠭᠤᠢ ᠮᠦᠷᠳᠡᠭᠡᠨ ᠪᠠᠭᠰᠢ ᠨᠢ ᠪᠠᠰᠠ ᠵᠠᠯᠠᠭᠤ ᠬᠦᠮᠦᠨ ᠪᠠᠶᠢᠳᠠᠭ ᠢᠶᠠᠷ ᠨᠡᠶᠢᠭᠡᠮ ᠤᠨ ᠮᠡᠳᠡᠯᠭᠡ ᠮᠡᠭᠦᠰ᠂ ᠵᠢᠭᠠᠬᠤ ᠴᠢᠳᠠᠪᠤᠷᠢ ᠠᠨᠠᠢ ᠵᠡᠷᠭᠡ ᠠᠴᠠ ᠬᠡᠤᠬᠡᠳ ᠪᠠᠭᠠᠴᠦᠳ ᠤᠨ ᠤᠶᠤᠨ ᠤ ᠨᠡᠭᠡᠭᠡᠯᠳᠡ ᠶᠢ ᠬᠢᠵᠦ ᠴᠢᠳᠠᠬᠤ ᠦᠭᠡᠢ ᠠᠴᠠ ᠪᠤᠯᠪᠠᠤ ᠭᠡᠵᠦ ᠰᠡᠳᠭᠢᠭᠳᠡᠨ᠎ᠡ᠃ ᠡᠶᠢᠮᠦᠷᠬᠦ ᠭᠦᠰᠢᠭᠦᠨ ᠪᠠᠶᠢᠳᠠᠯ ᠨᠢ ᠬᠤᠶᠢᠴᠢ ᠦᠶ᠎ᠡ ᠶᠢᠨ ᠬᠢᠨ ᠢ ᠬᠦᠮᠦᠵᠢᠭᠦᠯᠬᠦ ᠳᠤ ᠮᠠᠳᠠᠭ ᠲᠠᠢ ᠠᠰᠠᠭᠤᠳᠠᠯ ᠢ ᠠᠪᠴᠢᠷᠠᠬᠤ ᠨᠢ ᠲᠠᠮᠵᠢᠭ ᠦᠭᠡᠢ ᠶᠤᠮ᠃ ᠮᠠᠯᠵᠢᠬᠤ ᠤᠷᠤᠨ ᠤ ᠰᠤᠷᠭᠠᠨ ᠬᠦᠮᠦᠵᠢᠯ ᠤᠨ ᠰᠢᠨ᠎ᠡ ᠦᠭᠡᠷᠡᠴᠢᠯᠡᠯᠳᠡ ᠶᠢ ᠰᠢᠪᠳᠤᠯᠤᠯᠳᠠ ᠲᠠᠢ ᠬᠢᠵᠦ᠂ ᠶᠠᠭᠠᠬᠢᠪᠠᠯ ᠰᠠᠶ᠋ᠢ ᠮᠡᠳᠡᠯᠭᠡ ᠴᠢᠳᠠᠪᠤᠷᠢᠳᠠᠢ ᠬᠤᠶᠢᠴᠢ ᠦᠶ᠎ᠡ ᠶᠢ ᠬᠦᠮᠦᠵᠢᠭᠦᠯᠬᠦ ᠠᠰᠠᠭᠤᠳᠠᠯ ᠢ ᠰᠡᠢᠳᠪᠦᠷᠢᠯᠡᠬᠦ ᠪᠤᠯ ᠨᠢᠭᠡᠨ ᠨᠠᠷᠢᠨ ᠬᠢᠨᠠᠮᠠᠭᠠᠢ ᠠᠵᠢᠯ ᠪᠦᠭᠡᠳ ᠭᠦᠨ ᠰᠤᠳᠤᠯᠤᠭᠤᠰᠢᠳᠠᠢ ᠶᠠᠪᠤᠳᠠᠯ ᠪᠤᠯᠤᠨ᠎ᠠ᠃     ᠭᠠᠵᠠᠷ ᠤᠷᠤᠨ ᠤ ᠰᠤᠶᠤᠯ ᠪᠤᠯ ᠲᠤᠮᠳᠠᠳᠤ ᠶᠢᠨ ᠦᠨᠳᠦᠰᠦᠳᠡᠨ ᠤ ᠤᠯᠠᠨ ᠡᠰᠢᠴᠢᠯᠡᠭᠰᠡᠨ ᠰᠤᠶᠤᠯ ᠤᠨ ᠴᠢᠬᠤᠯᠠ ᠠᠭᠤᠯᠭ᠎ᠠ ᠪᠤᠯᠤᠨ᠎ᠠ᠂ ᠬᠡᠤᠬᠡᠳ ᠪᠠᠭᠠᠴᠦᠳ ᠤᠨ ᠬᠤᠪᠢ ᠪᠡᠶ᠎ᠡ ᠶᠢᠨ ᠦᠰᠦᠨ ᠪᠤᠶᠢᠵᠢᠬᠤ ᠶᠠᠪᠤᠴᠠ ᠳᠠᠬᠢ ᠴᠢᠬᠤᠯᠠ ᠪᠦᠬᠦᠢ ᠤᠶᠤᠨ ᠰᠠᠨᠠᠭᠠᠨ ᠤ ᠰᠢᠮ᠎ᠡ ᠲᠡᠵᠢᠭᠡᠯ ᠪᠤᠯᠬᠤ ᠮᠦᠷᠳᠡᠭᠡᠨ ᠮᠠᠨ ᠤ ᠦᠪᠡᠷ ᠢ ᠪᠠᠨ ᠢᠳᠡᠭᠡᠬᠦ ᠰᠡᠳᠭᠢᠯᠭᠡ ᠶᠢᠨ ᠵᠤᠷᠢᠭ ᠰᠠᠨᠠᠭᠠᠨ ᠤ ᠲᠦᠰᠢᠭ ᠲᠤᠯᠭᠠᠭᠤᠷᠢ ᠪᠤᠯᠤᠨ᠎ᠠ᠃ ᠭᠠᠵᠠᠷ ᠤᠷᠤᠨ ᠤ ᠰᠤᠶᠤᠯ ᠢ ᠰᠤᠷᠭᠠᠭᠤᠯᠢ ᠶᠢᠨ ᠬᠦᠷᠢᠶᠡᠨ ᠳᠤ ᠤᠷᠤᠭᠤᠯᠪᠠᠯ ᠤᠳᠤᠬᠢ ᠰᠤᠷᠭᠠᠨ ᠬᠦᠮᠦᠵᠢᠯ ᠤᠨ ᠲᠠᠩ ᠴᠤᠯᠭᠤᠢ ᠵᠢᠭᠠᠬᠤ ᠮᠠᠲ᠋ᠧᠷᠢᠶᠠᠯ ᠤᠨ ᠬᠦᠷᠢᠶ᠎ᠡ ᠬᠡᠪᠴᠢᠶ᠎ᠠ ᠶᠢ ᠦᠷᠭᠡᠳᠭᠡᠵᠦ ᠪᠤᠯᠬᠤ ᠮᠦᠷᠳᠡᠭᠡᠨ ᠡᠯᠪᠡᠭ ᠪᠠᠶᠠᠯᠢᠭ ᠤᠶᠤᠨ ᠤ ᠲᠠᠯ᠎ᠠ ᠶᠢᠨ ᠠᠭᠤᠯᠭ᠎ᠠ ᠶᠢ ᠪᠠᠶᠠᠯᠢᠭᠵᠢᠭᠤᠯᠵᠦ ᠴᠢᠳᠠᠨ᠎ᠠ᠃ ᠢᠩᠭᠢᠪᠡᠯ ᠬᠡᠤᠬᠡᠳ ᠪᠠᠭᠠᠴᠦᠳ ᠪᠠᠭ᠎ᠠ ᠠᠴᠠ ᠪᠠᠨ ᠭᠠᠵᠠᠷ ᠨᠤᠲᠤᠭ ᠢᠶᠠᠨ ᠮᠡᠳᠡᠷᠡᠨ ᠲᠠᠨᠢᠵᠦ ᠤᠭᠰᠠᠭ᠎ᠠ ᠶᠠᠰᠤᠳᠠᠨ ᠢᠶᠠᠨ ᠤᠶᠢᠯᠠᠭᠠᠵᠦ᠂ ᠡᠬᠡ ᠭᠠᠵᠠᠷ ᠲᠠᠭᠠᠨ ᠬᠠᠶᠢᠷ᠎ᠠ ᠰᠡᠳᠬᠢᠯᠭᠡ ᠲᠠᠢ ᠪᠤᠯᠵᠦ᠂ ᠦᠨᠳᠦᠰᠦᠳᠡᠨ ᠤ ᠪᠠᠨ ᠰᠤᠶᠤᠯ ᠵᠠᠩ ᠦᠢᠯᠡ ᠲᠠᠢ ᠠᠭᠤᠰᠤᠯᠴᠠᠨ ᠦᠰᠴᠤ ᠬᠦᠮᠦᠵᠢᠬᠦ ᠪᠤᠯᠬᠤᠷ ᠤᠯᠠᠨ ᠲᠠᠯ᠎ᠠ ᠶᠢᠨ ᠮᠡᠳᠡᠯᠭᠡ ᠴᠢᠳᠠᠪᠤᠷᠢ ᠲᠠᠢ᠂ ᠠᠮᠢᠳᠤᠷᠠᠯ ᠤᠨ ᠬᠦᠴᠦᠨ ᠲᠠᠢ ᠪᠤᠯᠵᠦ ᠬᠦᠮᠦᠵᠢᠵᠦ ᠴᠢᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号