ᠤᠷᠢᠶᠠᠩᠬᠠᠨ ᠤ᠂ ᠶᠤᠨᠳᠤᠨ | ᠮᠤᠩᠭᠤᠯ ᠭᠡᠷ ᠤᠨ ᠰᠤᠶᠤᠯ ᠢᠶᠠᠷ ᠦᠷ᠎ᠡ ᠬᠡᠤᠬᠡᠳ ᠢᠶᠠᠨ ᠬᠦᠮᠦᠵᠢᠭᠦᠯᠬᠦ ᠲᠤᠬᠠᠢ ᠦᠭᠦᠯᠡᠬᠦ ᠨᠢ | ᠠᠭᠤᠯᠭ᠎ᠠ ᠶᠢᠨ ᠲᠤᠪᠴᠢ ᠄ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠤᠶᠤᠯ ᠪᠤᠯ ᠲᠡᠷᠤᠢ ᠠᠮᠢ ᠠᠬᠤᠢ ᠶᠢᠨ | ᠰᠤᠶᠤᠯ ᠮᠦᠨ᠃ ᠲᠡᠭᠦᠨ ᠤ ᠲᠤᠲᠤᠷᠠᠬᠢ ᠮᠤᠩᠭᠤᠯ ᠭᠡᠷ ᠤᠨ ᠰᠤᠶᠤᠯ ᠪᠤᠯ ᠰᠢᠯᠢᠳᠡᠭ ᠤᠯᠠᠮᠵᠢᠯᠠᠯᠳᠤ ᠭᠡᠷ ᠪᠦᠯᠢ ᠶᠢᠨ | ᠬᠦᠮᠦᠵᠢᠯ ᠮᠦᠷᠳᠡᠬᠡᠨ ᠬᠦᠮᠦᠨ ᠬᠦᠮᠦᠵᠢᠭᠦᠯᠬᠦ ᠤᠬᠠᠭᠠᠨ ᠶᠤᠮ᠃ ᠲᠡᠷᠡ ᠨᠢ ᠬᠡᠤᠬᠡᠳ ᠪᠠᠭᠠᠴᠦᠳ ᠢ ᠨᠦᠯᠦᠭᠡᠯᠡᠬᠦ ᠮᠠᠰᠢ | ᠤᠯᠠᠨ ᠡᠯᠪᠡᠭ ᠪᠠᠶᠠᠯᠢᠭ ᠲᠡᠭᠡᠳᠦ ᠲᠡᠰ ᠤᠨ ᠡᠯᠧᠮᠧᠨ᠋ᠲ ᠤᠳ ᠢ ᠠᠴᠢᠶᠠᠯᠠᠵᠦ᠂ ᠨᠡᠭᠦᠳᠡᠯ ᠮᠠᠯᠵᠢᠯ ᠤᠨ ᠲᠡᠤᠬᠡᠨ ᠲᠡᠭᠡᠷ᠎ᠡ | ᠯᠤᠳᠤ ᠶᠡᠭᠡ ᠦᠢᠯᠡᠳᠦᠯ ᠢᠶᠠᠨ ᠦᠵᠡᠭᠦᠯᠦᠭᠰᠡᠭᠡᠷ ᠢᠷᠡᠭᠰᠡᠨ ᠭᠡᠵᠦ ᠦᠵᠡᠭᠰᠡᠨ ᠪᠦᠭᠡᠳ ︽ᠦᠯᠵᠡᠶᠢᠳᠦ ᠨᠡᠭᠦᠳᠡᠯ ᠤᠨ | ᠦᠵᠦᠮᠦᠴᠢᠨ︾᠂ ︽ᠬᠡᠤᠬᠡᠳ ᠬᠦᠮᠦᠵᠢᠭᠦᠯᠬᠦ ᠮᠤᠩᠭᠤᠯ ᠤᠬᠠᠭᠠᠨ︾᠂ ︽ᠲᠤᠤᠯᠢ ᠶᠢᠨ ᠲᠠᠩᠰᠤᠭ ᠦᠵᠦᠮᠦᠴᠢᠨ︾ ᠭᠡᠬᠦ | ᠭᠤᠷᠪᠠᠨ ᠪᠦᠯᠦᠭ ᠬᠤᠪᠢᠶᠠᠵᠦ᠂ ᠮᠤᠩᠭᠤᠯ ᠭᠡᠷ ᠤᠨ ᠬᠦᠮᠦᠵᠢᠯ ᠤᠨ ᠬᠦᠮᠦᠨ ᠬᠦᠮᠦᠵᠢᠭᠦᠯᠬᠦ ᠠᠷᠭ᠎ᠠ ᠬᠡᠯᠪᠡᠷᠢ ᠶᠢ ᠪᠤᠳᠠᠳᠠᠢ | ᠵᠠᠳᠠᠯᠤᠨ ᠲᠠᠶᠢᠯᠪᠤᠷᠢᠯᠠᠵᠦ ᠤᠯᠠᠨ ᠲᠠᠯ᠎ᠠ ᠶᠢᠨ ᠠᠭᠤᠯᠭ᠎ᠠ ᠪᠠᠷ ᠢᠯᠡᠷᠡᠭᠦᠯᠦᠭᠰᠡᠨ ᠪᠠᠶᠢᠨ᠎ᠠ᠃ ᠡᠭᠦᠨ ᠢᠶᠠᠷ ᠲᠠᠮᠵᠢᠭᠤᠯᠵᠦ᠂ | ᠤᠳᠤᠬᠠᠨ ᠤ ᠨᠡᠭᠦᠳᠡᠯ ᠮᠠᠯᠵᠢᠯ ᠤᠨ ᠰᠤᠶᠤᠯ ᠢ ᠲᠦᠷᠭᠡᠨ ᠤᠰᠠᠳᠤᠯ ᠠᠴᠠ ᠠᠪᠤᠷᠠᠬᠤ ᠳᠤ ᠰᠤᠷᠭᠠᠨ ᠬᠦᠮᠦᠵᠢᠯ ᠳᠤ | ᠦᠭᠡᠷᠡᠴᠢᠯᠡᠯᠳᠡ ᠬᠢᠵᠦ᠂ ᠭᠠᠵᠠᠷ ᠤᠷᠤᠨ ᠤ ᠰᠤᠶᠤᠯ ᠢ ᠬᠢᠴᠢᠶᠡᠯ ᠤᠨ ᠲᠢᠩᠬᠢᠮ ᠳᠤ ᠤᠷᠤᠭᠤᠯᠪᠠᠯ ᠰᠠᠶ᠋ᠢ | ᠬᠤᠷᠢᠭᠯᠠᠯᠳᠠ ᠶᠢᠨ ᠴᠢᠨᠠᠷ ᠲᠠᠢ ᠦᠢᠯᠡᠳᠦᠯ ᠭᠠᠷᠭᠠᠵᠦ ᠴᠢᠳᠠᠨ᠎ᠠ ᠭᠡᠵᠦ ᠦᠵᠡᠭᠰᠡᠨ ᠪᠠᠶᠢᠨ᠎ᠠ᠃ | ᠵᠠᠩᠬᠢᠯᠭ᠎ᠠ ᠶᠢᠨ ᠦᠭᠡ᠄ ᠮᠤᠩᠭᠤᠯ ᠭᠡᠷ ᠤᠨ ᠰᠤᠶᠤᠯ᠂ ᠰᠤᠶᠤᠯ ᠤᠨ ᠴᠢᠳᠠᠮᠵᠢ᠂ ᠬᠢᠴᠢᠶᠡᠯ ᠤᠨ ᠲᠢᠩᠬᠢᠮ | ᠡᠬᠡ ᠤᠯᠤᠰ ᠤᠨ ᠤᠮᠠᠷᠠᠳᠤ ᠬᠢᠯᠢ ᠳᠤ ᠪᠠᠶᠢᠷᠢᠯᠠᠵᠦ ᠪᠠᠶᠢᠭ᠎ᠠ ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤ | ᠪᠤᠯ 1956 ᠤᠨ ᠳᠤ ᠪᠠᠶᠢᠭᠤᠯᠤᠭᠳᠠᠭᠰᠠᠨ ᠲᠤᠯᠤᠭᠠᠨ ᠲᠦᠮᠨ ᠭᠠᠷᠤᠢ ᠬᠦᠮᠦᠨ ᠠᠮᠠ ᠲᠠᠢ᠂ 4,7 ᠲᠦᠮᠡᠨ ᠲᠡᠭᠰᠢ | ᠲᠦᠷᠪᠡᠯᠵᠢᠨ ᠺᠢᠯᠤᠮᠧᠲᠷ ᠨᠤᠲᠤᠭ ᠲᠡᠪᠢᠰᠭᠡᠷ ᠲᠠᠢ᠂ ᠲᠤᠮᠳᠠᠳᠤ ᠮᠤᠩᠭᠤᠯ ᠬᠤᠶᠠᠷ ᠤᠯᠤᠰ ᠤᠨ ᠵᠠᠭᠠᠭ ᠭᠡᠴᠡ ᠪᠤᠯᠬᠤ | ᠮᠢᠩᠭᠠᠨ ᠭᠠᠵᠠᠷ ᠤᠨ ᠤᠷᠳᠤ ᠬᠢᠯᠢ ᠶᠢᠨ ᠱᠤᠭᠤᠮ ᠲᠠᠢ᠂ ᠪᠠᠶᠢᠭᠠᠯᠢ ᠶᠢᠨ ᠪᠡᠯᠴᠢᠭᠡᠷ ᠢᠶᠠᠨ ᠠᠰᠢᠭᠯᠠᠭᠰᠠᠨ ᠲᠠᠪᠤᠨ | ᠬᠤᠰᠢᠭᠤ ᠮᠠᠯ ᠤᠨ ᠦᠢᠯᠡᠳᠪᠦᠷᠢᠯᠡᠯ ᠡᠵᠡᠩᠨᠡᠯᠳᠡ ᠲᠠᠢ᠂ ᠦᠵᠦᠮᠦᠴᠢᠨ ᠮᠤᠩᠭᠤᠯ ᠠᠶᠢᠮᠠᠭ ᠤᠭᠰᠠᠭᠠᠳᠠᠨ ᠢᠶᠠᠷ | ᠭᠤᠤᠯᠯᠠᠭᠰᠠᠨ ᠴᠤᠯ ᠮᠠᠯᠵᠢᠬᠤ ᠬᠢᠯᠢ ᠶᠢᠨ ᠬᠤᠰᠢᠭᠤ ᠪᠤᠯᠤᠨ᠎ᠠ᠃ ᠦᠵᠦᠮᠦᠴᠢᠨ ᠮᠤᠩᠭᠤᠯᠴᠦᠳ ᠬᠡᠳᠦᠨ ᠮᠢᠩᠭᠠᠨ ᠵᠢᠯ ᠤᠨ | ᠲᠤᠷᠰᠢ᠂ ᠤᠯᠠᠨ ᠦᠶ᠎ᠡ ᠵᠠᠯᠭᠠᠮᠵᠢ ᠶᠢ ᠦᠩᠭᠡᠷᠡᠭᠡᠬᠦ ᠶᠠᠪᠤᠴᠠ ᠳᠠᠭᠠᠨ ᠠᠩ ᠠᠩᠨᠠᠯ ᠠᠴᠠ ᠮᠠᠯᠵᠢᠯ ᠢ ᠬᠦᠯᠢᠶᠡᠵᠦ᠂ | ᠰᠠᠭᠤᠷᠢᠰᠢᠯ ᠮᠠᠯᠵᠢᠯ ᠠᠴᠠ ᠲᠠᠪᠰᠢᠭᠰᠠᠨ ᠨᠡᠭᠦᠳᠡᠯ ᠮᠠᠯᠵᠢᠯ ᠢ ᠴᠤᠭᠴᠠᠯᠠᠨ ᠪᠠᠶᠢᠭᠤᠯᠵᠦ᠂ ᠤᠯᠠᠨ ᠦᠶ᠎ᠡ ᠶᠢᠨ ᠬᠦᠮᠦᠰ ᠤᠨ | ᠲᠡᠤᠬᠡᠨ ᠲᠤᠷᠰᠢᠯᠭ᠎ᠠ ᠪᠠᠷ ᠠᠮᠢ ᠠᠬᠤᠢ ᠶᠢᠨ ᠨᠡᠭᠦᠳᠡᠯ ᠮᠠᠯᠵᠢᠯ ᠤᠨ ᠰᠤᠶᠤᠯ ᠢ ᠡᠭᠦᠳᠦᠨ ᠪᠦᠳᠦᠭᠡᠭᠰᠡᠨ ᠶᠤᠮ᠂ | ᠦᠵᠦᠮᠦᠴᠢᠨᠴᠦᠳ ᠨᠡᠭᠦᠳᠡᠯ ᠮᠠᠯᠵᠢᠯ ᠤᠨ ᠤᠯᠠᠮᠵᠢᠯᠠᠯᠳᠤ ᠰᠤᠶᠤᠯ ᠢᠶᠠᠨ ᠬᠠᠮᠤᠭ ᠤᠨ ᠪᠦᠷᠢᠨ ᠪᠦᠳᠦᠨ ᠬᠠᠳᠠᠭᠠᠯᠠᠭᠰᠠᠭᠠᠷ | ᠢᠷᠡᠭᠰᠡᠨ ᠡᠴᠦᠰ ᠤᠨ ᠨᠢᠭᠡᠨ ᠨᠡᠭᠦᠳᠡᠯ ᠤᠨ ᠴᠤᠪᠤᠭ᠎ᠠ ᠦᠷᠳᠡᠭᠡ ᠪᠠᠶᠢᠭᠰᠠᠨ ᠢᠶᠠᠨ 1983 ᠤᠨ ᠬᠦᠷᠦᠭᠡᠳ ᠪᠦᠬᠦ | ᠲᠠᠯ᠎ᠠ ᠪᠠᠷ ᠰᠠᠭᠤᠷᠢᠰᠢᠯ ᠮᠠᠯᠵᠢᠯ ᠵᠦᠭ ᠰᠢᠯᠵᠢᠭᠰᠡᠨ ᠪᠠᠶᠢᠨ᠎ᠠ᠃ | ᠨᠡᠭᠦᠳᠡᠯ ᠮᠠᠯᠵᠢᠯ ᠤᠨ ᠰᠤᠶᠤᠯ ᠨᠢ ᠤᠳᠤᠬᠠᠨ ᠤ ᠬᠡᠳᠦ ᠲᠦᠷᠭᠡᠨ ᠬᠦᠭᠵᠢᠯᠳᠡ ᠶᠢᠨ ᠲᠤᠮᠳᠠ ᠮᠠᠰᠢ ᠲᠦᠷᠭᠡᠨ | ᠬᠤᠷᠳᠤᠴᠠ ᠪᠠᠷ ᠵᠠᠮᠬᠠᠷᠠᠨ ᠤᠰᠠᠳᠴᠤ ᠪᠠᠶᠢᠭ᠎ᠠ ᠳᠤ ᠰᠠᠨᠠᠭᠠᠰᠢᠷᠠᠵᠦ᠂ ᠤᠳᠤᠬᠢ ᠲᠡᠯᠡᠬᠡᠢ ᠶᠢᠷᠳᠢᠨᠴᠦ ᠨᠢ ᠠᠮᠢ ᠠᠬᠤᠢ ᠶᠢᠨ | ᠴᠦᠯᠪᠡᠳ᠋ᠨᠯ ᠪᠠ ᠶᠤᠰᠤ ᠰᠤᠷᠳᠠᠬᠤᠨ ᠤ ᠲᠤᠷᠤᠶᠢᠳᠠᠯ ᠳᠤ ᠤᠴᠠᠷᠠᠵᠦ ᠪᠠᠶᠢᠭ᠎ᠠ ᠪᠠᠴᠢᠮ ᠦᠶ᠎ᠡ ᠳᠤ᠂ ᠲᠦᠴᠢᠨ ᠵᠢᠯ ᠨᠡᠭᠦᠳᠡᠯ | ᠮᠠᠯᠵᠢᠯ ᠤᠨ ᠠᠮᠢᠳᠤᠷᠠᠯ ᠢ ᠬᠢᠵᠦ ᠢᠷᠡᠭᠰᠡᠨ ᠠᠬᠠᠮᠠᠳ ᠲᠤᠮᠤᠭᠠᠳᠠᠨ ᠤ ᠬᠤᠪᠢ ᠪᠠᠷ᠂ ᠡᠨᠡ ᠬᠦ ᠦᠷᠭᠡᠨ ᠶᠡᠭᠡ ᠲᠠᠯᠠᠢ | ᠰᠤᠶᠤᠯ ᠤᠨ ᠵᠠᠬ᠎ᠠ ᠵᠤᠬ᠎ᠠ ᠠᠴᠠ ᠮᠡᠳᠡᠬᠦ ᠪᠤᠯᠬᠤᠷ ᠨᠡᠭᠦᠳᠡᠯ ᠮᠠᠯᠵᠢᠯ ᠤᠨ ᠰᠤᠶᠤᠯ ᠪᠤᠯ ᠪᠠᠶᠢᠭᠠᠯᠢ ᠠᠮᠢ ᠠᠬᠤᠢ ᠪᠠᠨ | ᠠᠰᠢᠭᠯᠠᠬᠤ ᠪᠠ ᠬᠠᠮᠠᠭᠠᠯᠠᠬᠤ ᠳᠤ ᠬᠠᠮᠤᠭ ᠤᠨ ᠪᠦᠳᠦᠮᠵᠢᠳᠡᠢ ᠬᠦᠮᠦᠨ ᠲᠦᠷᠦᠯᠬᠢᠳᠡᠨ ᠤ ᠰᠤᠩᠭᠤᠳᠠᠭ ᠦᠢᠯᠡᠳᠪᠦᠷᠢᠯᠡᠯ ᠤᠨ | ᠠᠷᠭ᠎ᠠ ᠬᠡᠯᠪᠡᠷᠢ ᠮᠦᠨ᠂ ᠨᠡᠭᠦᠳᠡᠯ ᠮᠠᠯᠵᠢᠯ ᠤᠨ ᠰᠤᠶᠤᠯ ᠪᠤᠯ ᠲᠡᠷᠡ ᠴᠢᠭ ᠢᠶᠠᠷ ᠢᠶᠠᠨ ᠠᠮᠢ ᠠᠬᠤᠢ ᠶᠢᠨ ᠪᠤᠯᠪᠠᠰᠤᠨ | ᠰᠤᠶᠤᠯ ᠮᠦᠷᠳᠡᠭᠡᠨ ᠨᠡᠭᠦᠳᠡᠯᠴᠢᠳ ᠤᠨ ᠬᠦᠮᠦᠨ ᠬᠦᠮᠦᠵᠢᠭᠦᠯᠬᠦ ᠤᠬᠠᠭᠠᠨ ᠪᠠᠶᠢᠭ᠎ᠠ ᠶᠤᠮ᠂ ᠤᠴᠢᠷ ᠨᠢ ᠨᠡᠭᠦᠳᠡᠯ | ᠮᠠᠯᠵᠢᠯ ᠤᠨ ᠦᠢᠯᠡᠳᠪᠦᠷᠢᠯᠡᠯ ᠠᠮᠢᠳᠤᠷᠠᠯ ᠨᠢ ᠮᠠᠰᠢ ᠤᠯᠠᠨ ᠡᠯᠪᠡᠭ ᠪᠠᠶᠠᠯᠢᠭ ᠬᠦᠮᠦᠨ ᠬᠦᠮᠦᠵᠢᠭᠦᠯᠬᠦ ᠲᠡᠭᠡᠳᠦ ᠲᠠᠰ ᠤᠨ | ᠡᠯᠧᠮᠧᠨ᠋ᠲ ᠤᠳ ᠠᠭᠤᠯᠠᠭᠳᠠᠵᠦ ᠪᠠᠶᠢᠬᠤ ᠲᠤᠬᠠᠢ ᠦᠵᠡᠯᠳᠡ ᠪᠠᠨ ᠶᠠᠷᠢᠰᠤᠭᠠᠢ᠄ | ᠨᠡᠭᠦᠳᠡᠯ ᠮᠠᠯᠵᠢᠯ ᠤᠨ ᠰᠤᠶᠤᠯ ᠨᠢ ᠲᠡᠩᠳᠡᠭᠦᠤ ᠠᠭᠤᠤ ᠲᠡᠯᠭᠡᠷ ᠪᠤᠯᠬᠤᠷ ᠠᠳᠡ ᠪᠢ ᠵᠦᠪᠬᠡᠨ ᠮᠤᠩᠭᠤᠯ ᠭᠡᠷ ᠤᠨ | ᠰᠤᠶᠤᠯ ᠤᠨ ᠲᠤᠳᠤᠷᠠᠬᠢ ᠭᠡᠷ ᠪᠦᠯᠢ ᠶᠢᠨ ᠬᠦᠮᠦᠵᠢᠯ ᠤᠨ ᠲᠠᠯ᠎ᠠ ᠪᠠᠷ ᠲᠡᠯᠭᠡᠵᠦ᠂ ᠬᠡᠤᠬᠡᠳ ᠢ ᠬᠠᠷᠠᠬᠠᠨ ᠪᠠᠭ᠎ᠠ ᠠᠴᠠ ᠨᠢ | ᠬᠡᠷᠬᠢᠨ ᠬᠦᠮᠦᠵᠢᠭᠦᠯᠳᠡᠭ ᠠᠶᠠᠨᠳᠠᠭᠠᠨ ᠤ ᠤᠯᠠᠮᠵᠢᠯᠠᠯᠳᠤ ᠠᠷᠭ᠎ᠠ ᠬᠡᠯᠪᠡᠷᠢ ᠠᠴᠠ ᠲᠤᠭᠠᠴᠠᠵᠦ᠂ ᠤᠳᠤᠬᠢ ᠰᠤᠷᠭᠠᠨ | ᠬᠦᠮᠦᠵᠢᠯ ᠤᠨ ᠬᠦᠷᠦᠯᠴᠡᠬᠦ ᠦᠭᠡᠢ ᠲᠠᠯ᠎ᠠ ᠶᠢ ᠨᠦᠭᠦᠪᠦᠷᠢᠯᠡᠨ ᠰᠠᠶᠢᠵᠢᠷᠠᠭᠤᠯᠵᠦ᠂ ᠠᠮᠢᠳᠤᠷᠠᠯ ᠳᠤ ᠬᠠᠮᠤᠭ ᠠᠴᠠ ᠤᠶᠢᠷᠬᠠᠨ | ᠭᠠᠵᠠᠷ ᠤᠷᠤᠨ ᠤ ᠰᠤᠶᠤᠯ ᠤᠨ ᠠᠭᠤᠯᠭ᠎ᠠ ᠢᠶᠠᠷ ᠰᠤᠷᠭᠠᠨ ᠬᠦᠮᠦᠵᠢᠯ ᠢ ᠤᠯᠠᠮ ᠪᠠᠶᠠᠯᠢᠭᠵᠢᠭᠤᠯᠪᠠᠯ ᠵᠤᠬᠢᠨ᠎ᠡ ᠭᠡᠵᠦ | ᠦᠵᠡᠨ᠎ᠡ᠃ ᠲᠡᠭᠡᠪᠡᠯ ᠮᠤᠩᠭᠤᠯ ᠭᠡᠷ ᠤᠨ ᠬᠦᠮᠦᠵᠢᠯ ᠭᠡᠵᠦ ᠶᠠᠭᠤ ᠪᠤᠢ︖ ᠭᠡᠪᠡᠯ ᠮᠠᠯᠴᠢᠳ ᠤᠨ ᠭᠡᠷ ᠪᠦᠯᠢ ᠪᠠᠷ ᠢᠶᠠᠨ | ᠠᠵᠦ ᠲᠦᠷᠦᠨ ᠤᠷᠤᠨᠰᠢᠨ ᠲᠤᠭᠳᠠᠨᠢᠵᠦ᠂ ᠬᠦᠮᠦᠵᠢᠨ ᠪᠤᠶᠢᠵᠢᠳᠠᠭ ᠪᠦᠬᠦᠢ ᠠᠮᠢᠳᠤᠷᠠᠯ ᠤᠨ ᠵᠢᠵᠢᠭ ᠤᠷᠴᠢᠨ | ᠲᠤᠭᠤᠷᠢᠨ ᠳᠤ ᠶᠠᠪᠤᠭᠳᠠᠬᠤ ᠦᠢᠯᠡ ᠬᠦᠳᠡᠯᠭᠡᠭᠡᠨ ᠢ ᠬᠡᠯᠡᠨ᠎ᠡ᠃ | ᠨᠢᠭᠡ᠂ ᠦᠯᠵᠡᠶᠢᠳᠦ ᠨᠡᠭᠦᠳᠡᠯ ᠤᠨ ᠦᠵᠦᠮᠦᠴᠢᠨ | ⒈ ᠦᠵᠦᠮᠦᠴᠢᠨ ᠨᠡᠭᠦᠳᠡᠯ ᠤᠨ ᠲᠤᠮᠤᠭ᠄ | ᠡᠷᠳᠡ ᠴᠠᠭ ᠲᠤ ᠨᠢᠭᠡ ᠮᠤᠩᠭᠤᠯ ᠠᠶᠢᠯ ᠬᠡᠵᠢᠶᠡᠳᠡ ᠨᠡᠭᠦᠳᠡᠭ ᠪᠠᠶᠢᠵᠦ ᠭᠡᠨ᠎ᠡ᠃ ᠨᠢᠭᠡᠨ ᠤᠳᠠᠭ᠎ᠠ ᠲᠦᠩᠭᠡᠵᠢ | ᠪᠠᠭᠤᠭᠠᠳ ᠭᠡᠷ ᠢᠶᠠᠨ ᠪᠠᠷᠢᠵᠦ ᠪᠠᠶᠢᠬᠤᠢ ᠳᠤ ᠪᠢᠴᠢᠬᠠᠨ ᠬᠦᠤ ᠨᠢ ᠭᠦᠶᠦᠵᠦ ᠢᠷᠡᠭᠡᠳ ᠡᠵᠢ ᠠᠴᠠ ᠪᠠᠨ᠄ ︽ᠮᠠᠨ ᠤ ᠬᠢᠨ | ᠶᠠᠭᠠᠬᠢᠬᠤ ᠳᠠᠭᠠᠨ ᠦᠷᠭᠦᠯᠵᠢ ᠨᠡᠬᠦᠵᠦ ᠰᠢᠯᠵᠢᠭᠡᠳ ᠪᠠᠶᠢᠳᠠᠭ ᠪᠤᠢ︖︾ ᠭᠡᠵᠦ ᠠᠰᠠᠭᠤᠭᠰᠠᠨ ᠳᠤ᠄ ︽ᠪᠢᠳᠡ ᠨᠢᠭᠡ ᠯᠡ | ᠤᠷᠤᠨ ᠳᠤ ᠰᠠᠭᠤᠷᠢᠰᠢᠭᠠᠳ ᠨᠡᠬᠦᠬᠦ ᠦᠭᠡᠢ ᠪᠤᠯ ᠭᠠᠵᠠᠷ ᠡᠵᠢ ᠶᠢᠨ ᠪᠡᠶ᠎ᠡ ᠰᠢᠷᠬᠠᠯᠠᠨ ᠡᠪᠡᠳᠦᠨ᠎ᠡ᠂ ᠪᠢᠳᠡ ᠦᠷᠭᠦᠯᠵᠢ | ᠨᠡᠭᠦᠵᠦ ᠪᠠᠭᠤᠭᠠᠳ ᠪᠠᠶᠢᠪᠠᠯ ᠭᠠᠵᠠᠷ ᠡᠬᠡ ᠶᠢᠨ ᠴᠢᠰᠦᠨ ᠰᠤᠳᠠᠯ ᠨᠢ ᠨᠡᠪᠳᠡᠷᠡᠵᠦ᠂ ᠬᠡᠵᠢᠶᠡᠳᠡ ᠵᠠᠯᠠᠭᠤ | ᠭᠤᠶᠤᠮᠰᠤᠭ ᠢᠶᠠᠷ ᠢᠶᠠᠨ ᠪᠠᠶᠢᠳᠠᠭ ᠰᠢᠤ ᠬᠦᠤ ᠮᠢᠨᠢ᠂ ᠴᠢ ᠡᠵᠢ ᠶᠢᠨ ᠢᠶᠠᠨ ᠨᠢᠷᠤᠭᠤ ᠵᠤ ᠶᠢ ᠢᠯᠢᠵᠦ ᠨᠤᠬᠤᠯᠤᠭᠠᠳ | ᠦᠭᠭᠦᠪᠡᠯ ᠡᠵᠢ ᠶᠢᠨ ᠬᠢᠨᠢ ᠪᠡᠶ᠎ᠡ ᠠᠶᠠᠳᠠᠢ ᠪᠤᠯᠵᠦ ᠠᠮᠤᠷᠵᠢᠳᠠᠭ ᠲᠠᠢ ᠠᠳᠠᠯᠢ ᠰᠢᠳᠠ᠂ ᠬᠡᠷᠪᠡ ᠴᠢ ᠨᠢᠭᠡ ᠯᠡ ᠭᠠᠵᠠᠷ | ᠰᠢᠭᠠᠵᠦ ᠨᠤᠳᠤᠷᠠᠭᠠᠳ ᠪᠠᠶᠢᠪᠠᠯ ᠡᠵᠢ ᠶᠢᠨ ᠬᠢᠨᠢ ᠪᠡᠶ᠎ᠡ ᠲᠠᠭᠠᠳᠠᠢ ᠪᠠᠶᠢᠵᠦ ᠴᠢᠳᠠᠨ᠎ᠠ ᠤᠤ︕︾ ᠭᠡᠰᠡᠨ ᠳᠤ ᠪᠢᠴᠢᠬᠠᠨ | ᠬᠦᠤ ᠴᠤ ᠨᠢᠳᠦ ᠲᠤᠷᠮᠤᠯᠵᠠᠭᠤᠯᠤᠨ ᠲᠤᠯᠤᠭᠠᠢ ᠲᠤᠬᠢᠨ ᠤᠬᠠᠮᠰᠠᠷᠯᠠᠭᠰᠠᠨ ᠪᠠᠶᠢᠵᠠᠢ᠃ | ᠪᠠᠰᠠ ᠨᠢᠭᠡᠨ ᠤᠳᠠᠭ᠎ᠠ᠂ ᠠᠪᠤ ᠨᠢ ᠨᠡᠭᠦᠬᠦ ᠪᠠᠷ ᠪᠡᠯᠡᠳᠭᠡᠵᠦ ᠲᠡᠷᠭᠡ ᠪᠠᠨ ᠰᠡᠯᠪᠢᠳᠡᠭ ᠶᠤᠮ ᠪᠠᠶᠢᠨ᠎ᠠ᠂ ᠪᠢᠴᠢᠬᠠᠨ ᠬᠦᠤ | ᠮᠦᠨ ᠭᠦᠶᠦᠵᠦ ᠢᠷᠡᠭᠡᠳ ᠠᠪᠤ ᠠᠴᠠ ᠪᠠᠨ᠄ ︽ᠠᠪᠤ ᠶᠠᠭᠠᠬᠢᠬᠤ ᠳᠠᠭᠠᠨ ᠦᠷᠭᠦᠯᠵᠢ ᠲᠡᠷᠭᠡ ᠪᠠᠨ ᠱᠠᠭᠠᠨᠴᠠᠭᠯᠠᠭᠠᠳ | ᠪᠠᠶᠢᠳᠠᠭ ᠪᠤᠢ︖︾ ᠭᠡᠬᠦ ᠳᠤ᠄ ︽ᠪᠢᠳᠡ ᠦᠷᠭᠦᠯᠵᠢ ᠲᠡᠷᠭᠡ ᠪᠠᠨ ᠵᠠᠰᠠᠬᠤ ᠦᠭᠡᠢ ᠪᠤᠯ ᠶᠠᠭᠠᠬᠢᠵᠦ ᠨᠡᠭᠦᠬᠦ ᠶᠤᠮ ᠳ᠋ᠠ︖ | ᠨᠡᠭᠦᠬᠦ ᠦᠭᠡᠢ ᠪᠤᠯ ᠭᠠᠵᠠᠷ ᠡᠬᠡ ᠶᠢᠨ ᠨᠤᠭᠤᠭᠠᠨ ᠲᠤᠷᠭᠠᠨ ᠲᠡᠪᠡᠯ ᠨᠢ ᠤᠷᠠᠭᠳᠠᠴᠢᠬᠠᠨᠠ ᠰᠢᠤ᠂ ᠡᠵᠢ ᠴᠢᠨᠢ ᠡᠮᠦᠰᠬᠦ | ᠬᠤᠪᠴᠠᠰᠤ ᠦᠭᠡᠢ ᠱᠠᠯᠳᠠᠩ ᠨᠢᠴᠦᠬᠦᠨ ᠶᠠᠪᠤᠪᠠᠯ ᠬᠦᠮᠦᠰ ᠶᠠᠭᠤ ᠭᠡᠵᠦ ᠡᠯᠡᠭᠯᠡᠬᠦ ᠪᠢᠯᠡ︖ ᠡᠶᠢᠮᠦ ᠠᠴᠠ ᠡᠪᠦᠭᠡ | ᠲᠡᠭᠡᠳᠦᠰ ᠠᠴᠠ ︿ᠰᠠᠭᠤᠵᠦ ᠨᠤᠲᠤᠭ ᠢᠶᠠᠨ ᠤᠯᠠᠶᠢᠯᠭᠠᠬᠤ ᠪᠠᠷ ᠨᠡᠭᠦᠵᠦ ᠵᠠᠮ ᠢᠶᠠᠨ ᠤᠯᠠᠶᠢᠯᠭᠠ﹀ ᠭᠡᠵᠦ ᠠᠯᠳᠠᠨ ᠰᠤᠷᠭᠠᠯ | ᠬᠠᠶᠢᠷᠠᠯᠠᠭᠰᠠᠨ ᠶᠤᠮ᠂ ᠬᠦᠤ ᠮᠢᠨᠤ ᠬᠡᠵᠢᠶᠡᠳᠡ ᠲᠡᠷᠭᠡ ᠪᠠᠨ ᠰᠡᠯᠪᠢᠨ ᠵᠠᠰᠠᠵᠦ ᠢᠮᠠᠭᠳᠠ ᠨᠡᠭᠦᠵᠦ ᠭᠠᠵᠠᠷ ᠡᠵᠢ ᠪᠠᠨ | ᠬᠠᠶᠢᠷᠠᠯᠠᠵᠦ ᠶᠠᠪᠤᠬᠤ ᠶᠤᠮ ᠰᠢᠤ︕ ᠢᠩᠭᠢᠪᠡᠯ ᠲᠡᠭᠷᠢ ᠭᠠᠵᠠᠷ ᠲᠠᠨᠠᠷ ᠢ ᠭᠡᠵᠢᠶᠡᠳᠡ ᠢᠪᠡᠭᠡᠨ ᠲᠡᠳᠬᠦᠬᠦ ᠶᠤᠮ ᠡ︕︾ | ᠭᠡᠰᠡᠨ ᠪᠠᠶᠢᠪᠠ᠃ | ⒉ ᠪᠠᠳᠮᠠᠳᠤ ᠲᠤᠭᠤᠨᠤ ᠶᠢᠨ ᠭᠡᠯᠬᠢᠶ᠎ᠡ | ᠨᠡᠭᠦᠳᠡᠯᠴᠢᠨ ᠠᠶᠢᠯ ᠳᠤ ᠲᠡᠭᠦᠨ ᠳᠡᠭᠡᠨ ᠲᠤᠬᠢᠷᠠᠭᠰᠠᠨ ᠭᠡᠷ ᠤᠷᠤᠨ ᠰᠠᠭᠤᠴᠠ᠂ ᠤᠨᠤᠯᠭ᠎ᠠ ᠬᠦᠯᠪᠦᠷᠢ᠂ ᠲᠠᠪᠤᠨ | ᠬᠤᠰᠢᠭᠤ ᠮᠠᠯ᠂ ᠲᠦᠷᠪᠡᠨ ᠤᠯᠠᠷᠢᠯ ᠤᠨ ᠪᠡᠯᠴᠢᠭᠡᠷ ᠤᠰᠤᠨ ᠪᠤᠯ ᠦᠨᠳᠦᠰᠦᠨ ᠨᠦᠬᠦᠴᠡᠯ ᠪᠤᠯᠵᠦ ᠪᠠᠶᠢᠳᠠᠭ᠃ ᠮᠤᠩᠭᠤᠯ | ᠭᠡᠷ ᠪᠤᠯ ᠮᠤᠳᠤ᠂ ᠢᠰᠡᠭᠡᠢ ᠪᠠᠷ ᠭᠤᠤᠯ ᠪᠦᠳᠦᠴᠡ ᠪᠤᠯᠭᠠᠭᠰᠠᠨ ᠲᠦᠭᠦᠷᠢᠭ ᠬᠡᠯᠪᠡᠷᠢᠳᠡᠢ᠂ ᠠᠴᠢᠵᠦ ᠲᠡᠭᠡᠬᠦ ᠳᠤ ᠬᠦᠩᠭᠡᠨ᠂ | ᠪᠠᠷᠢᠵᠦ ᠪᠤᠰᠬᠠᠬᠤ ᠳᠤ ᠠᠮᠠᠷᠬᠠᠨ ᠪᠠᠶᠢᠳᠠᠭ ᠢᠶᠠᠷ ᠤᠨᠴᠠᠯᠢᠭ ᠲᠠᠢ᠂ ᠭᠡᠷ ᠤᠨ ᠮᠤᠳᠤᠨ ᠪᠦᠳᠦᠴᠠ ᠳᠤ ᠲᠤᠭᠤᠨᠤ᠂ ᠤᠨᠢ᠂ | ᠬᠠᠨ᠎ᠠ᠂ ᠬᠠᠭᠠᠯᠭ᠎ᠠ ᠪᠠᠶᠢᠵᠦ᠂ ᠢᠰᠡᠭᠡᠢ ᠪᠦᠷᠢᠶᠠᠰᠦ ᠪᠠ ᠤᠭᠤᠰᠤᠷ ᠲᠤ ᠴᠠᠷᠪᠠᠭ᠂ ᠲᠤᠭᠤᠷᠭ᠎ᠠ᠂ ᠲᠡᠭᠡᠪᠦᠷ᠂ ᠭᠦᠯᠳᠦᠷᠭᠡ᠂ | ᠡᠷᠦᠬᠡ᠂ ᠠᠮᠢ ᠤᠯᠤᠩ᠂ ᠭᠠᠳᠠᠷ ᠤᠯᠤᠩ ᠵᠡᠷᠭᠡ ᠪᠠᠷ ᠪᠦᠷᠢᠯᠳᠦᠨ᠎ᠡ᠃ ᠲᠤᠭᠤᠨᠤ ᠪᠠᠷ ᠨᠢ ᠠᠯᠳᠠᠨ ᠨᠠᠷᠠᠨ ᠤ ᠲᠤᠶᠠᠭ᠎ᠠ | ᠭᠡᠶᠢᠭᠦᠯᠵᠦ ᠭᠡᠷ ᠲᠤᠲᠤᠷ᠎ᠠ ᠰᠠᠷᠠᠭᠤᠯᠬᠠᠨ ᠬᠠᠷᠠᠭᠳᠠᠨ᠎ᠠ᠂ ᠭᠡᠷ ᠲᠤᠲᠤᠷᠠᠬᠢ ᠲᠡᠪᠢᠰᠭᠡᠷ ᠡᠳ᠋ᠯᠡᠯ ᠳᠤ ᠲᠤᠭᠤᠷᠢᠭᠤᠯᠭ᠎ᠠ᠂ | ᠦᠩᠭᠡ ᠰᠢᠷᠳᠡᠭ᠂ ᠭᠡᠪᠢᠰ᠂ ᠬᠠᠶᠠᠭ᠎ᠠ ᠰᠢᠷᠳᠡᠭ᠂ ᠠᠮᠠ ᠰᠢᠷᠳᠡᠭ ᠢ ᠲᠡᠪᠢᠰᠴᠦ᠂ ᠬᠤᠨᠤᠵᠦ ᠰᠠᠭᠤᠬᠤ ᠳᠤ ᠨᠡᠩ | ᠲᠠᠭᠠᠭᠯᠠᠮᠵᠢᠳᠠᠢ ᠪᠤᠯᠭᠠᠨ᠎ᠠ᠃ ᠰᠢᠳᠦᠭᠡᠨ ᠤ ᠵᠦᠢᠯᠡᠰ ᠲᠤ᠂ ᠦᠷᠦᠭᠡᠨ ᠤ ᠬᠤᠶᠢᠮᠤᠷ ᠳᠤ ᠠᠮᠠ ᠠᠪᠳᠠᠷ᠎ᠠ ᠲᠠᠯᠪᠢᠵᠦ ᠲᠡᠭᠡᠷ᠎ᠡ | ᠨᠢ ᠪᠤᠷᠬᠠᠨ ᠢᠶᠠᠨ ᠵᠠᠯᠠᠨ᠎ᠠ᠂ ᠪᠤᠷᠬᠠᠨ ᠰᠢᠷᠡᠭᠡᠨ ᠤ ᠪᠠᠷᠠᠭᠤᠨ ᠲᠠᠯ᠎ᠠ ᠳᠤ ᠰᠢᠷᠡᠭᠡ ᠲᠠᠯᠪᠢᠵᠦ ᠤᠩᠭᠤᠨ ᠲᠤᠯᠭ᠎ᠠ ᠪᠠᠨ | ᠲᠠᠯᠪᠢᠨ᠎ᠠ᠂ ᠭᠠᠯ ᠲᠤᠭᠤᠭᠠᠨ ᠤ ᠬᠡᠷᠡᠭᠰᠡᠯ ᠤᠨ ᠬᠤᠷᠭᠤ ᠶᠢ ᠭᠡᠷ ᠲᠤᠲᠤᠷ᠎ᠠ ᠵᠡᠭᠦᠨ ᠲᠠᠯ᠎ᠠ ᠳᠤ ᠪᠠᠶᠢᠷᠢᠯᠠᠭᠤᠯᠳᠠᠭ᠂ | ᠡᠭᠦᠨ ᠳᠤ ᠡᠷᠭᠦᠯᠭᠡ᠂ ᠲᠠᠮᠵᠢᠭᠤᠷᠭᠠ᠂ ᠠᠶᠠᠭᠠᠨ ᠬᠤᠷᠭᠤ ᠵᠡᠷᠭᠡ ᠪᠤᠢ᠂ ᠡᠷᠭᠦᠯᠭᠡ ᠲᠡᠭᠡᠷ᠎ᠡ ᠲᠤᠭᠤᠭ᠎ᠠ᠂ ᠰᠠᠪᠠ ᠰᠠᠭᠤᠯᠭ᠎ᠠ | ᠵᠡᠷᠭᠡ ᠶᠢ ᠦᠷᠦᠵᠦ᠂ ᠲᠠᠮᠵᠢᠭᠤᠷᠭᠠ ᠲᠡᠭᠡᠷ᠎ᠡ ᠨᠤᠴᠤᠭᠠᠯᠭ᠎ᠠ ᠶᠢᠨ ᠵᠦᠢᠯᠳᠡ᠂ ᠠᠶᠠᠭᠠᠨ ᠤ ᠠᠯᠴᠢᠭᠤᠷ ᠵᠡᠷᠭᠡ ᠭᠠᠷ ᠲᠤᠤᠷ᠎ᠠ | ᠵᠠᠷᠤᠬᠤ ᠶᠠᠭᠤᠮᠠᠰ ᠢ ᠲᠠᠯᠪᠢᠵᠦ᠂ ᠠᠶᠠᠭᠠᠨ ᠬᠤᠷᠭᠤ ᠳᠤ ᠠᠶᠠᠭ᠎ᠠ ᠰᠠᠪᠠᠬ᠎ᠠ ᠪᠠᠨ ᠬᠢᠨ᠎ᠡ᠃ | ᠡᠷᠡᠭᠳᠡᠶᠢᠴᠦᠳ ᠨᠢ ᠮᠠᠯ ᠰᠦᠷᠦᠭ ᠬᠠᠷᠢᠭᠤᠯᠬᠤ ᠠᠴᠠ ᠭᠡᠷ ᠤᠨ ᠭᠠᠳᠠᠨᠠᠬᠢ ᠠᠵᠢᠯ ᠶᠠᠪᠤᠳᠠᠯ ᠢ ᠭᠦᠢᠴᠳᠭᠡᠨ᠎ᠡ᠂ | ᠡᠮᠡᠭᠳᠡᠶᠢᠴᠦᠳ ᠨᠢ ᠰᠦ ᠰᠠᠭᠠᠯᠢ ᠠᠴᠠ ᠡᠬᠢᠯᠡᠭᠡᠳ ᠭᠡᠷ ᠲᠤᠲᠤᠷᠠᠬᠢ ᠠᠵᠦ ᠦᠢᠯᠡ ᠶᠢ ᠠᠮᠵᠢᠭᠤᠯᠤᠨ᠎ᠠ᠃ ᠠᠷᠭᠠᠯ ᠲᠡᠭᠦᠬᠦ | ᠪᠤᠯ ᠠᠮᠢᠳᠤᠷᠠᠯ ᠤᠨ ᠲᠤᠳᠠᠭᠳᠠᠵᠦ ᠪᠤᠯᠤᠰᠢ ᠬᠢᠳᠡᠯ᠂ ᠨᠢᠭᠡ ᠤᠳᠠᠭ᠎ᠠ ᠪᠢ᠂ ᠠᠷᠤᠭ ᠢᠶᠠᠨ ᠡᠭᠦᠷᠴᠦ ᠠᠷᠭᠠᠯ ᠢᠶᠠᠨ ᠲᠡᠭᠦᠵᠦ | ᠲᠦᠭᠦᠷᠭᠡᠭᠰᠡᠨ ᠡᠵᠢ ᠪᠠᠨ ᠦᠵᠡᠭᠡᠳ ᠲᠤᠰᠴᠤ ᠬᠦᠷᠬᠦ ᠳᠤ᠂ ︽ᠰᠡᠭᠡᠮᠡᠬᠡᠢ ᠪᠠᠨ ᠡᠭᠦᠷᠴᠦ ᠰᠡᠷᠳᠡᠩ ᠢᠶᠠᠨ ᠲᠠᠭᠠᠭᠤᠯᠤᠭᠠᠳ | ᠲᠠᠯ᠎ᠠ ᠶᠢᠨ ᠠᠳᠤᠭᠤ ᠶᠢ ᠲᠠᠰᠤ ᠬᠤᠷᠢᠶᠠᠨ᠎ᠠ᠂ ᠲᠡᠷᠡ ᠶᠠᠭᠤ ᠪᠤᠢ︖︾ ᠭᠡᠵᠦ ᠦᠪᠡᠷ ᠤᠨ ᠬᠢᠵᠦ ᠪᠠᠶᠢᠭ᠎ᠠ ᠪᠠᠨ | ᠤᠨᠢᠰᠤᠭᠴᠢᠯᠠᠨ ᠠᠰᠠᠭᠤᠬᠤ ᠳᠤ ᠪᠢ ᠰᠢᠭᠤᠳ᠄ ︽ᠠᠷᠭᠠᠯ ᠲᠡᠭᠦᠬᠦ ᠰᠢᠳᠡ︕︾ ᠭᠡᠵᠦ ᠬᠠᠷᠢᠭᠤᠯᠬᠤ ᠳᠤ᠄ ︽ᠬᠦ᠋᠂ | ᠮᠢᠨᠤ ᠬᠦᠤ ᠴᠢᠨᠢ ᠴᠡᠭᠡᠵᠢ ᠲᠠᠢ ᠪᠠᠶᠢᠨ᠎ᠠ ᠰᠢᠤ︕︾ ᠭᠡᠵᠦ ᠵᠤᠷᠢᠭᠵᠢᠭᠤᠯᠬᠤ ᠳᠤ ᠪᠢ ᠴᠤ ᠮᠠᠭᠳᠠᠭᠠᠯ ᠤᠯᠤᠭᠰᠠᠨ ᠳᠠᠭᠠᠨ | ᠪᠠᠶᠠᠰᠤᠨᠡ᠃ ᠠᠷᠭᠠᠯ ᠤᠨ ᠴᠡᠩᠭᠡᠷ ᠤᠳᠤᠭ᠎ᠠ ᠲᠤᠭᠤᠨᠤ ᠪᠠᠷ ᠪᠤᠷᠭᠢᠯᠠᠬᠤ ᠳᠤ ᠡᠵᠢ ᠮᠢᠨᠢ ᠬᠤᠭᠤᠯᠠ ᠴᠠᠢ ᠪᠠᠨ ᠬᠢᠬᠦ᠂ | ᠬᠡᠤᠬᠡᠳ ᠰᠢᠤᠬᠠᠳ ᠤᠨ ᠢᠶᠠᠨ ᠭᠦᠢᠳᠡᠨ ᠨᠤᠶᠢᠳᠡᠨ ᠢ ᠲᠤᠯᠠᠭᠠᠯᠠᠨ᠎ᠠ᠂ ᠦᠨᠡᠰᠦ ᠬᠤᠭ ᠢᠶᠠᠨ ᠬᠠᠶᠠᠵᠦ ᠭᠡᠷ ᠲᠡᠷᠬᠡ ᠪᠠᠨ | ᠴᠡᠪᠡᠷᠯᠡᠵᠦ ᠵᠠᠪᠳᠤᠭᠤᠯᠤᠨᠠ᠃ | ᠵᠤᠰᠠᠯᠠᠩ ᠤᠨ ᠲᠡᠨᠵᠢᠨ ᠳᠤ ᠪᠠᠭᠤᠭᠰᠠᠭᠠᠷ ᠤᠰᠤ ᠲᠡᠭᠡᠭᠡᠬᠦ ᠶᠠᠪᠤᠳᠠᠯ ᠦᠨᠵᠢᠭᠦᠳᠡ ᠬᠤᠨᠤᠭᠤᠳᠠ ᠳᠤ ᠶᠠᠪᠤᠭᠳᠠᠨ᠎ᠠ᠂ | ᠡᠬᠡᠴᠢ ᠨᠠᠷ ᠠᠴᠠ ᠨᠤᠮᠤᠬᠠᠨ ᠲᠠᠷᠯᠠᠨ ᠪᠤᠶᠤ ᠬᠠᠷ᠎ᠠ ᠦᠬᠡᠷ ᠤᠳ ᠢᠶᠠᠨ ᠬᠦᠯᠦᠭᠡᠳ ᠡᠷᠳᠡᠨᠢ ᠭᠤᠤᠯ ᠠᠴᠠ ᠤᠰᠤ | ᠲᠡᠭᠡᠭᠡᠬᠦ ᠪᠠᠷ ᠶᠠᠪᠤᠬᠤ ᠳᠤ ᠪᠠᠮᠪᠠᠷ ᠭᠡᠭᠴᠢ ᠬᠠᠯᠳᠠᠷ ᠨᠤᠬᠠᠢ ᠪᠠ ᠵᠢᠷᠬᠢᠭᠡ ᠭᠡᠭᠴᠢ ᠰᠢᠷ᠎ᠠ ᠬᠢᠴᠢᠢ ᠨᠢ ᠰᠡᠭᠦᠯ | ᠴᠠᠭᠠᠷᠢᠭᠯᠠᠭᠤᠯᠤᠭᠰᠠᠨ ᠲᠠᠭᠠᠯᠳᠤᠵᠦ ᠡᠭᠦᠨ ᠢ ᠨᠢ ᠦᠨᠦᠷᠯᠡᠨ ᠲᠡᠭᠦᠨ ᠢ ᠨᠢ ᠰᠢᠩᠰᠢᠯᠡᠨ ᠭᠦᠶᠦᠯᠳᠦᠨ ᠪᠠᠶᠢᠳᠠᠭ᠃ ᠴᠡᠩᠭᠡᠷ | ᠶᠠᠭᠠᠨ ᠠᠯᠴᠢᠭᠤᠷ ᠢᠶᠠᠨ ᠬᠡᠶᠢᠰᠭᠡᠭᠰᠡᠨ ᠬᠡᠤᠬᠡᠨᠴᠦᠳ ︽ᠦᠷ ᠤᠨ ᠴᠤᠯᠮᠤᠨ ᠨᠢ ᠵᠡᠭᠦᠨ ᠲᠡᠭᠡᠷ᠎ᠡ ᠪᠠᠨ ᠭᠢᠯᠠᠯᠵᠠᠨ᠎ᠠ ᠭᠦ᠋ ᠁ | ︾ ᠭᠡᠵᠦ ᠬᠠᠩᠭᠢᠨᠠᠳᠠᠯ᠎ᠠ ᠲᠠᠭᠤᠯᠠᠬᠤ ᠳᠤ ᠨᠤᠮᠤᠬᠠᠨ ᠱᠠᠷ ᠤᠨ ᠠᠯᠬᠤᠭ᠎ᠠ ᠭᠠᠩ ᠲᠠᠢ ᠤᠰᠤᠨ ᠤ ᠴᠠᠯᠭᠢᠶᠡ ᠬᠦᠭ ᠨᠡᠶᠢᠯᠡᠨ | ᠠᠶᠢᠵᠠᠮᠳᠠᠨᠠ᠃ ᠭᠡᠷ ᠲᠤ ᠤᠷᠤᠪᠠᠯ ᠤᠶᠤᠳᠠᠯ ᠪᠠᠷᠢᠴᠢᠭᠰᠠᠨ ᠭᠠᠷ ᠤᠨ ᠤᠷᠠᠨ ᠢᠶᠠᠨ ᠭᠠᠶᠢᠬᠠᠭᠤᠯᠤᠨ᠎ᠠ᠃ ᠭᠡᠷ ᠲᠤᠲᠤᠷ᠎ᠠ | ᠪᠡᠷᠠᠭᠤᠨ ᠡᠮᠦᠨ᠎ᠡ ᠬᠦᠭᠰᠢᠨ ᠡᠵᠢ ᠮᠦᠩᠭᠦᠨ ᠪᠤᠭᠤᠷᠤᠯ ᠦᠰᠦ ᠪᠠᠨ ᠢᠯᠪᠢᠭᠰᠡᠨ ᠢᠶᠠᠨ ᠪᠠᠰᠠ ᠡᠭᠡᠷᠦᠯ ᠪᠠᠷᠢᠭᠰᠠᠨ ᠲᠡᠮᠡᠭᠡᠨ | ᠤᠩᠭᠠᠰᠤ ᠡᠭᠡᠷᠡᠨ ᠰᠠᠭᠤᠨ᠎ᠠ᠄ ︽ᠬᠢᠯᠭᠠᠰᠤ ᠤᠷᠠᠬᠤ ᠠᠵᠢᠯ ᠢ ᠬᠡᠤᠬᠡᠳ ᠤᠳ ᠢᠶᠠᠷ ᠬᠢᠯᠬᠢ᠂ ᠮᠠᠷᠭᠠᠰᠢ ᠠᠴᠠ ᠪᠢ | ᠬᠠᠨ᠎ᠠ ᠶᠢᠨ ᠤᠶᠠᠭ᠎ᠠ᠂ ᠤᠨᠢᠨ ᠤ ᠰᠡᠭᠡᠯᠳᠡᠷᠭᠡ ᠪᠠᠰᠠ ᠬᠡᠳᠦᠨ ᠲᠤᠭᠤᠯ ᠤᠨ ᠭᠦᠵᠦᠭᠦᠪᠴᠢ ᠲᠠᠮᠤᠶᠠ ᠳ᠋ᠠ︾ ᠭᠡᠵᠦ ᠪᠠᠷᠢ | ᠵᠦᠭ ᠢᠶᠠᠨ ᠬᠡᠯᠡᠨ᠎ᠡ᠂ ᠪᠠᠷᠢ᠄ ︽ᠵᠠ ᠲᠡᠭᠡ ᠡ᠂ ᠮᠠᠨ ᠤ ᠡᠵᠢ ᠵᠦᠭᠡᠷ ᠰᠠᠭᠤᠬᠤ ᠦᠭᠡᠢ ᠶᠤᠮ ᠡ︾ ᠭᠡᠵᠦ ᠭᠡᠷ ᠤᠨ | ᠵᠡᠭᠦᠨ ᠬᠤᠶᠢᠨ᠎ᠡ ᠠᠭᠠᠷᠴᠠ ᠪᠠᠷᠢᠨ ᠰᠢᠮᠳᠠᠨ᠎ᠠ᠃ ᠭᠡᠷ ᠤᠨ ᠪᠠᠷᠠᠭᠤᠨ ᠲᠠᠯ᠎ᠠ ᠪᠠᠷ ᠨᠠᠶᠢᠷᠠᠭᠰᠠᠨ ᠲᠡᠷᠭᠡᠨ ᠠᠴᠠ ᠠᠵᠢᠷᠭ᠎ᠠ | ᠮᠤᠳᠤ ᠬᠦᠯᠢᠭᠰᠡᠨ ᠡᠪᠦᠬᠡᠨ ᠠᠪᠤ ᠪᠢᠴᠢᠬᠠᠨ ᠠᠴᠢ ᠳᠠᠭᠠᠨ ᠤᠷᠭ᠎ᠠ ᠵᠠᠯᠠᠵᠦ ᠲᠡᠭᠰᠢᠯᠡᠨ᠎ᠡ᠃ ᠦᠵᠦᠮᠦᠴᠢᠨ ᠠᠶᠢᠯ ᠡᠷᠦᠬᠡ | ᠶᠡᠷᠦ ᠠᠴᠠ ᠰᠠᠭᠤᠬᠤ ᠠᠴᠠ ᠭᠡᠷ ᠤᠷᠤᠨ ᠰᠠᠭᠤᠴᠠ ᠲᠠᠢ᠂ ᠬᠠᠷᠢᠭᠤᠯᠬᠤ ᠠᠴᠠ ᠦᠪᠡᠷ ᠭᠡᠰᠡᠨ ᠮᠠᠯ ᠰᠦᠷᠤᠭ᠌ ᠲᠠᠢ᠂ | ᠨᠡᠭᠦᠬᠦ ᠠᠴᠠ ᠠᠴᠢᠯᠭ᠎ᠠ ᠬᠦᠰᠭᠡ ᠲᠠᠢ ᠪᠡᠶ᠎ᠡ ᠪᠠᠨ ᠲᠠᠭᠠᠭᠠᠭᠰᠠᠨ ᠠᠮᠢᠳᠤᠷᠠᠯᠭ᠎ᠠ ᠲᠠᠢ ᠲᠠᠯ᠎ᠠ ᠨᠤᠲᠤᠭ ᠲᠠᠭᠠᠨ | ᠲᠡᠪᠡ ᠢᠶᠠᠷ ᠢᠶᠠᠨ ᠵᠢᠷᠭᠠᠬᠤ ᠲᠠᠪᠢᠯᠠᠩ ᠲᠠᠢ ᠬᠦᠮᠦᠰ ᠡ᠂ ᠮᠠᠯ ᠲᠠᠢ ᠠᠶᠢᠯ ᠠᠮᠢᠳᠤᠷᠠᠯ ᠪᠠᠶᠠᠨ᠂ ᠮᠠᠯᠴᠢᠨ ᠬᠦᠮᠦᠨ ᠰᠡᠳᠭᠢᠯ | ᠪᠠᠶᠠᠨ ᠭᠡᠳᠡᠭ ᠦᠨᠡᠨ ᠦᠭᠡ ᠡ᠃ | ⒊ ᠲᠠᠪᠤᠨ ᠡᠷᠳᠡᠨᠢ ᠶᠢᠨ ᠦᠯᠵᠡᠶᠢᠳᠦ ᠨᠡᠭᠦᠳᠡᠯ | ᠨᠠᠮᠠᠶᠢ ᠶᠢᠰᠦ ᠠᠷᠪᠠᠳᠠᠢ ᠪᠠᠶᠢᠬᠤ ᠳᠤ ᠤᠯᠠᠮᠵᠢᠯᠠᠯᠳᠤ ᠨᠡᠭᠦᠳᠡᠯ ᠮᠠᠯᠵᠢᠯ ᠤᠨ ᠠᠷᠭ᠎ᠠ ᠬᠡᠯᠪᠡᠷᠢ ᠪᠠᠨ ᠪᠦᠷᠢᠨ | ᠬᠠᠳᠠᠭᠠᠯᠠᠵᠦ ᠪᠠᠶᠢᠭᠰᠠᠨ ᠶᠤᠮ᠂ ᠬᠠᠮ᠂ ᠠᠪᠳᠠᠷ᠎ᠠ᠂ ᠢᠳᠡᠭᠡᠨ ᠤ ᠠᠪᠳᠠᠷ᠎ᠠ᠂ ᠠᠴᠢᠶ᠎ᠠ ᠲᠡᠷᠭᠡ᠂ ᠠᠷᠭᠠᠯ ᠤᠨ ᠬᠠᠰᠢᠶ᠎ᠠ | ᠲᠡᠷᠭᠡ᠂ ᠤᠰᠤᠨ ᠤ ᠭᠠᠩ ᠲᠡᠷᠭᠡ᠂ ᠬᠠᠨᠠᠨ ᠲᠡᠷᠭᠡ᠂ ᠲᠤᠭᠤᠨᠤᠨ ᠲᠡᠷᠭᠡ ᠭᠡᠳ ᠭᠡᠷ ᠪᠦᠯᠢ ᠶᠢᠨ ᠵᠦᠭᠡᠭᠡᠪᠦᠷᠢ ᠶᠢᠨ | ᠬᠡᠷᠡᠭᠰᠡᠯ ᠢᠶᠠᠨ ᠡᠳ᠋ᠯᠡᠵᠦ᠂ ᠬᠡᠵᠢᠶᠡᠳᠡ ᠪᠡᠯᠴᠢᠭᠡᠷ ᠰᠢᠯᠢᠨ ᠨᠡᠭᠦᠳᠡᠯᠯᠡᠵᠦ᠂ ᠬᠤᠨᠢ ᠪᠠᠨ ᠬᠤᠳᠠᠯᠠᠵᠦ᠂ ᠦᠬᠡᠷ ᠢᠶᠠᠨ ᠬᠤᠷᠢᠶᠠᠨ | ᠂ ᠦᠨᠢᠶ᠎ᠡ ᠪᠠᠨ ᠰᠠᠭᠠᠵᠦ᠂ ᠠᠵᠦ ᠲᠦᠷᠦᠨ ᠠᠮᠢᠳᠤᠷᠠᠵᠦ ᠪᠠᠶᠢᠯ᠎ᠠ᠃ | ᠪᠠᠶᠢᠩᠭᠤ ᠨᠤᠲᠤᠭ ᠰᠢᠯᠵᠢᠵᠦ ᠨᠡᠭᠦᠭᠦ ᠪᠤᠯ ᠨᠡᠭᠦᠳᠡᠯᠴᠢᠳ ᠤᠨ ᠬᠡᠳᠦᠨ ᠮᠢᠩᠭᠠᠨ ᠵᠢᠯ ᠤᠨ ᠤᠯᠠᠮᠵᠢᠯᠠᠵᠦ ᠢᠷᠡᠭᠰᠡᠨ | ᠦᠢᠯᠡᠳᠪᠦᠷᠢᠯᠡᠯ ᠤᠨ ᠬᠠᠮᠤᠭ ᠲᠤᠬᠢᠮᠵᠢᠳᠡᠢ ᠰᠤᠩᠭᠤᠳᠠᠭ ᠮᠠᠯᠵᠢᠯ ᠤᠨ ᠠᠷᠭ᠎ᠠ ᠬᠡᠯᠪᠡᠷᠢ᠂ ᠨᠡᠭᠦᠳᠡᠯ ᠮᠠᠯᠵᠢᠯ ᠤᠨ | ᠦᠨᠳᠦᠰᠦᠨ ᠰᠠᠭᠤᠷᠢ ᠪᠤᠯ ᠲᠠᠯ᠎ᠠ ᠶᠢᠨ ᠲᠠᠪᠤᠨ ᠡᠷᠳᠡᠨᠢ ᠬᠡᠮᠡᠭᠳᠡᠭᠰᠡᠨ ᠠᠳᠤᠭᠤ᠂ ᠦᠬᠡᠷ᠂ ᠬᠤᠨᠢ ᠢᠮᠠᠭ᠎ᠠ᠂ ᠲᠡᠮᠡᠭᠡ ᠵᠡᠷᠭᠡ | ᠲᠠᠪᠤᠨ ᠬᠤᠰᠢᠭᠤ ᠮᠠᠯ ᠪᠤᠯᠤᠨ᠎ᠠ᠃ ᠲᠠᠪᠤᠨ ᠬᠤᠰᠢᠭᠤ ᠮᠠᠯ ᠨᠢ ᠬᠠᠷᠢᠯᠴᠠᠨ ᠦᠢᠯᠡᠳᠪᠦᠷᠢᠯᠡᠯ ᠤᠨ ᠲᠤᠬᠢᠷᠡᠯᠴᠠᠬᠤ | ᠨᠦᠬᠦᠴᠡᠯ ᠢ ᠪᠦᠷᠢᠯᠳᠦᠭᠦᠯᠦᠭᠰᠡᠨ ᠶᠤᠮ᠂ ᠮᠤᠷᠢ ᠪᠤᠯᠤᠨ ᠲᠡᠮᠡᠭᠡ ᠨᠢ ᠰᠦᠷᠦᠭ ᠬᠠᠷᠢᠭᠤᠯᠬᠤ ᠭᠤᠤᠯ ᠬᠦᠴᠦᠨ᠂ ᠴᠢᠮᠡᠭᠡ | ᠬᠤᠯᠪᠤᠭᠠᠨ ᠤ ᠪᠠᠭᠠᠵᠢ ᠪᠤᠯᠳᠠᠭ᠃ ᠦᠬᠡᠷ ᠨᠢ ᠴᠦᠷᠭᠦᠯᠡᠭᠡ ᠨᠡᠭᠦᠳᠡᠯ ᠤᠨ ᠭᠤᠤᠯ ᠬᠦᠴᠦᠨ ᠪᠤᠯᠵᠦ᠂ ᠲᠤᠰ ᠭᠤᠷᠪᠠᠨ | ᠪᠤᠳᠠ ᠮᠠᠯ ᠤᠨ ᠡᠬᠡ ᠮᠠᠯ ᠨᠢ ᠰᠦ ᠰᠠᠭᠠᠯᠢ ᠶᠢᠨ ᠬᠦᠨᠡᠰᠦᠨ ᠲᠡᠵᠢᠭᠡᠯ ᠢ ᠬᠠᠩᠭᠠᠨ᠎ᠠ᠂ ᠬᠤᠨᠢ ᠢᠮᠠᠭ᠎ᠠ ᠪᠤᠯ ᠭᠠᠷ | ᠲᠤᠤᠷ᠎ᠠ ᠪᠠᠨ ᠵᠠᠷᠤᠬᠤ ᠤᠯᠠᠭᠠᠨ ᠴᠠᠭᠠᠨ ᠬᠦᠨᠡᠰᠦᠨ ᠤ ᠪᠡᠯᠡᠨ ᠢᠷᠡᠯᠳᠡ ᠮᠦᠷᠳᠡᠭᠡᠨ ᠬᠤᠪᠴᠠᠰᠤ ᠬᠤᠨᠠᠷ ᠤᠨ ᠲᠦᠭᠦᠬᠡᠢ | ᠮᠠᠲ᠋ᠧᠷᠢᠶᠠᠯ ᠪᠤᠯᠳᠠᠭ᠃ | ᠦᠵᠦᠮᠦᠴᠢᠨ ᠤ ᠬᠠᠭᠤᠴᠢ ᠦᠭᠡᠨ ᠳᠤ ᠨᠡᠭᠦᠬᠦ ᠠᠴᠠ ᠡᠮᠦᠨ᠎ᠡ ᠨᠤᠲᠤᠭ ᠢᠶᠠᠨ ᠰᠤᠩᠭᠤ᠂ ᠪᠠᠭᠤᠬᠤ ᠠᠴᠠ ᠡᠮᠦᠨ᠎ᠡ | ᠪᠡᠯᠴᠢᠭᠡᠷ ᠢᠶᠠᠨ ᠰᠢᠨᠵᠢ ᠭᠡᠬᠦ ᠪᠠ ᠨᠡᠬᠦᠬᠦ ᠠᠴᠠ ᠭᠡᠷ ᠲᠠᠢ ᠨᠤᠲᠤᠭᠯᠠᠬᠤ ᠠᠴᠠ ᠭᠠᠵᠠᠷ ᠲᠠᠢ ᠭᠡᠯᠴᠡᠳᠡᠭ᠃ ᠨᠡᠭᠦᠵᠦ | ᠪᠠᠭᠤᠳᠠᠯᠯᠠᠬᠤ ᠳᠠᠭᠠᠨ ᠦᠷ ᠢᠶᠠᠷ ᠬᠦᠳᠡᠯᠵᠦ ᠨᠠᠷᠠᠨ ᠢᠶᠠᠷ ᠪᠠᠭᠤᠬᠤ ᠶᠢ ᠡᠷᠬᠢᠮᠯᠡᠨ᠎ᠡ᠂ ᠡᠪᠦᠯ ᠤᠨ ᠲᠡᠰᠬᠢᠮ᠎ᠡ ᠭᠦᠢᠳᠡᠨ ᠳᠤ | ᠴᠤ ᠲᠡᠷᠡ᠂ ᠭᠡᠷ ᠢᠶᠠᠨ ᠠᠴᠢᠶᠠᠯᠠᠵᠦ ᠦᠬᠡᠷ ᠢᠶᠠᠨ ᠪᠠᠷᠢᠭᠠᠳ᠂ ᠨᠢᠯᠬ᠎ᠠ ᠬᠡᠤᠬᠡᠳ ᠰᠢᠤᠬᠠᠳ ᠢᠶᠠᠨ ᠬᠠᠮ ᠲᠡᠷᠭᠡᠨ ᠳᠤ | ᠢᠮᠠᠭᠠᠨ ᠠᠷᠠᠰᠤᠨ ᠬᠦᠨᠵᠢᠯᠡ ᠳᠤ ᠬᠤᠴᠠᠵᠦ᠂ ᠴᠤᠯᠮᠤᠨ ᠤᠳᠤᠨ ᠲᠠᠢ ᠵᠡᠷᠭᠡᠴᠡᠨ ᠬᠦᠳᠡᠯᠵᠦ ᠴᠠᠰᠤᠨ ᠤ ᠲᠤᠮᠳᠠᠭᠤᠷ | ᠵᠡᠷᠳᠡ ᠬᠢᠬᠤᠨᠠᠭᠤᠯᠤᠨ ᠨᠡᠭᠦᠨ᠎ᠡ᠂ ᠠᠷᠪᠠ ᠭᠠᠷᠤᠭᠰᠠᠨ ᠬᠦᠤᠴᠦᠳ ᠪᠤᠯ ᠨᠡᠭᠦᠳᠡᠯ ᠢᠶᠠᠨ ᠲᠠᠭᠠᠭᠤᠯᠤᠨ ᠦᠬᠡᠷ | ᠰᠦᠷᠦᠭ ᠢᠶᠠᠨ ᠬᠦᠭᠡᠭᠡᠵᠦ ᠪᠢᠷᠠᠭᠤ ᠰᠢᠳᠦᠯᠡᠩ ᠢ ᠪᠠᠷᠢᠵᠦ ᠲᠤᠩᠭᠤᠴᠠᠭᠤᠯᠤᠨ ᠤᠨᠤᠵᠦ ᠶᠠᠪᠤᠬᠤ ᠪᠠ ᠨᠤᠮᠤᠬᠠᠨ | ᠦᠨᠢᠶᠡᠳ ᠤᠨ ᠨᠢᠷᠤᠭᠤᠨ ᠲᠡᠭᠡᠷ᠎ᠡ ᠲᠤᠭᠯᠠᠩᠬᠠᠨ ᠶᠠᠪᠤᠵᠦ ᠪᠠᠶᠢᠳᠠᠭ᠃ ᠡᠪᠦᠭᠡᠳ ᠬᠤᠨᠢᠳ ᠢᠶᠠᠨ ᠠᠭᠠᠵᠢᠭᠤᠬᠠᠨ | ᠪᠡᠯᠴᠢᠭᠡᠵᠦ ᠶᠠᠪᠤᠬᠤ ᠳᠤ᠂ ᠭᠡᠷ ᠤᠨ ᠡᠵᠡᠳ ᠤᠷᠢᠳᠴᠢᠯᠠᠨ ᠨᠤᠲᠤᠭ ᠦᠵᠡᠬᠦ ᠪᠠᠷ ᠲᠠᠪᠢᠬᠢᠭᠤᠯᠤᠨᠠ᠂ ᠪᠡᠷᠢᠶᠡᠳ | ᠨᠡᠭᠦᠳᠡᠯ ᠢᠶᠠᠨ ᠭᠠᠷᠯᠠᠨ ᠡᠮᠡᠭᠡᠳ ᠠᠴᠢᠶᠠᠨ ᠤ ᠰᠡᠭᠦᠯ ᠳᠤ ᠬᠤᠶᠠᠷ ᠭᠤᠷᠪᠠᠨ ᠲᠡᠷᠭᠡᠨ ᠤ ᠴᠦᠷᠭᠦᠯᠡᠭᠡ ᠲᠠᠢ ᠶᠡᠭᠡ | ᠨᠡᠭᠦᠳᠡᠯ ᠢᠶᠠᠨ ᠬᠠᠷᠠᠵᠦ ᠶᠠᠪᠤᠨ᠎ᠠ᠃ ᠬᠦᠭᠰᠢᠨ ᠨᠤᠬᠠᠳ ᠠᠴᠢᠶ᠎ᠠ ᠲᠠᠭᠠᠨ ᠲᠤᠩᠰᠢᠬᠤ ᠳᠤ ᠵᠠᠯᠠᠭᠤ ᠨᠤᠬᠠᠳ ᠭᠡᠷ ᠤᠨ | ᠡᠵᠡᠨ ᠢ ᠪᠤᠷᠪᠢᠳᠤᠨ ᠶᠠᠮᠠᠷ ᠨᠢᠭᠡᠨ ᠠᠮᠢᠳᠠᠨ ᠬᠦᠷᠦᠭᠡᠰᠦ ᠲᠠᠭᠠᠷᠠᠬᠤᠢ ᠭᠡᠵᠦ ᠮᠦᠷ ᠰᠢᠩᠰᠢᠯᠠᠬᠦ ᠪᠤᠶᠤ ᠬᠠᠶᠠ ᠠᠯᠤᠰ ᠢ | ᠰᠤᠨᠤᠷᠳᠠᠨ᠎ᠠ᠃ ᠨᠠᠷᠠᠨ ᠤ ᠡᠷᠳᠡ ᠪᠠᠷ ᠪᠠᠭᠤᠭᠰᠠᠨ ᠠᠶᠢᠯ ᠤᠨ ᠠᠷᠭᠠᠯ ᠤᠨ ᠤᠳᠤᠭ᠎ᠠ ᠰᠤᠭᠤᠨᠤᠭᠯᠠᠩᠬᠠᠨ ᠪᠠᠶᠢᠵᠦ ᠬᠡᠵᠢᠶ᠎ᠡ | ᠪᠠᠭᠤᠭᠰᠠᠨ ᠶᠤᠮ ᠭᠡᠮᠡᠷ ᠪᠠᠶᠢᠳᠠᠭ᠂ ᠤᠨᠢᠨ ᠲᠤᠯᠤᠭᠠᠢ ᠳᠤ ᠨᠠᠷᠠ ᠲᠤᠰᠬᠤ ᠳᠤ ᠪᠠᠭᠤᠭᠰᠠᠨ ᠠᠶᠢᠯ ᠤᠨ ᠡᠳᠦᠷ ᠤᠨ ᠠᠵᠢᠯ | ᠠᠮᠵᠢᠭᠤᠷᠳᠠᠢ᠂ ᠠᠷᠭᠠᠯ ᠲᠦᠯᠡᠰᠢ ᠤᠪᠤᠭᠠᠯᠠᠬᠤ᠂ ᠬᠤᠳᠠ ᠬᠤᠷᠤᠭ᠎ᠠ ᠪᠠᠨ ᠮᠠᠯᠳᠠᠵᠦ ᠪᠠᠷᠢᠬᠤ ᠠᠵᠢᠯ ᠢᠶᠠᠨ ᠡᠷᠳᠡ | ᠲᠠᠭᠤᠰᠬᠠᠳᠠᠭ ᠠᠵᠠᠢ᠃ | ᠨᠡᠭᠦᠳᠡᠯ ᠶᠡᠭᠡ ᠬᠢᠳᠡᠭ ᠪᠠᠶᠠᠯᠢᠭ ᠠᠶᠢᠯ ᠤᠳ ᠦᠬᠡᠷ ᠰᠦᠷᠦᠭ ᠢᠶᠠᠨ ᠦᠰᠭᠡᠬᠦ ᠶᠢ ᠠᠩᠬᠠᠷᠬᠤ ᠮᠦᠷᠳᠡᠭᠡᠨ ᠠᠷᠠᠯ ᠤᠨ | ᠱᠠᠷ ᠰᠤᠷᠭᠠᠬᠤ ᠶᠢ ᠴᠢᠬᠤᠯᠠᠴᠢᠯᠠᠨ᠎ᠡ᠂ ᠰᠤᠷᠭᠠᠨ ᠤ ᠭᠤᠨ᠎ᠠ ᠲᠠᠢ ᠪᠠᠨ ᠬᠤᠷᠢᠭᠠᠳ ᠬᠦᠯᠪᠦᠷᠢ ᠶᠢᠨ ᠱᠠᠷ ᠶᠢ ᠡᠵᠡᠮᠰᠢᠵᠦ᠂ | ᠨᠡᠭᠦᠳᠡᠯᠯᠡᠬᠦ ᠳᠤ ᠲᠤᠩ ᠠᠰᠢᠭᠳᠠᠢ ᠠᠯᠤᠰ ᠤᠨ ᠨᠡᠭᠦᠳᠡᠯ ᠬᠢᠬᠦ ᠳᠤ ᠴᠤ ᠲᠦᠭᠦᠮ ᠪᠠᠶᠢᠳᠠᠭ᠃ ᠦᠬᠡᠷ ᠢ ᠰᠢᠳᠦᠯᠡᠩ | ᠬᠢᠵᠠᠯᠠᠩ ᠳᠤᠨᠢ ᠤᠶᠠᠵᠤ᠂ ᠬᠦᠯᠦᠵᠦ ᠰᠤᠷᠭᠠᠳᠠᠭ᠂ ᠦᠬᠡᠷ ᠢ ᠬᠦᠯᠦᠵᠦ ᠰᠣᠷᠭᠠᠬᠤ ᠳᠠᠭᠠᠨ ᠪᠠᠷᠢᠵᠦ ᠤᠶᠠᠬᠤ᠂ ᠳᠠᠭᠤ ᠪᠠᠨ | ᠳᠠᠨᠢᠭᠤᠯᠬᠤ᠂ ᠠᠷᠭᠠᠳᠠᠵᠤ ᠵᠦᠭᠡᠯᠡᠯᠡᠬᠦ᠂ ᠭᠦᠲᠦᠯᠵᠦ ᠰᠣᠷᠭᠠᠬᠤ᠂ ᠬᠠᠩᠭᠠᠢ ᠲᠡᠷᠭᠡ ᠴᠢᠷᠦᠭᠦᠯᠬᠦ᠂ ᠬᠦᠩᠭᠡᠨ ᠠᠴᠢᠶᠠᠨ ᠳᠤ | ᠬᠦᠯᠦᠬᠦ ᠵᠡᠷᠭᠡ ᠦᠢᠯᠡ ᠬᠦᠳᠡᠯᠭᠡᠭᠡᠨ ᠤ ᠳᠠᠷᠠᠭᠠᠯᠠᠯ ᠢᠶᠠᠷ ᠬᠦᠯᠦᠵᠦ ᠰᠣᠷᠭᠠᠨ᠂ ᠡᠳ᠋ᠯᠡᠭᠡᠨ ᠳᠤ ᠤᠷᠤᠭᠤᠯᠳᠠᠭ᠃ ᠡᠭᠦᠨ ᠳᠤ | ᠤᠶᠠᠵᠤ ᠬᠦᠩᠭᠡᠷᠡᠭᠦᠯᠬᠦ ᠪᠠᠷ ᠭᠤᠤᠯ ᠪᠤᠯᠭᠠᠳᠠᠭ ᠪᠦᠭᠡᠳ ᠤᠯᠠᠩᠬᠢ ᠳᠠᠭᠠᠨ ᠬᠠᠪᠤᠷ ᠨᠠᠮᠤᠷ ᠤᠨ ᠤᠯᠠᠷᠢᠯ ᠤᠨ ᠰᠠᠶᠢᠬᠠᠨ ᠳᠤ | ᠰᠤᠷᠭᠠᠳᠠᠭ᠃ | ᠬᠤᠶᠠᠷ᠂ ᠬᠡᠤᠬᠡᠳ ᠬᠦᠮᠦᠵᠢᠭᠦᠯᠬᠦ ᠮᠤᠩᠭᠤᠯ ᠤᠬᠠᠭᠠᠨ | ⑴ ᠬᠤᠷᠸ᠎ᠠ ᠤᠶᠠᠷᠭᠠᠬᠤ ᠪᠦᠤᠪᠡᠢ ᠶᠢᠨ ᠲᠠᠭᠤᠨ | ᠦᠵᠦᠮᠦᠴᠢᠨᠴᠤᠳ᠂ ᠦᠷ᠎ᠡ ᠬᠤᠶᠢᠴᠢᠰ ᠢᠶᠠᠨ ᠬᠠᠷᠠᠬᠠᠨ ᠪᠠᠭ᠎ᠠ ᠠᠴᠠ ᠨᠢ ᠭᠡᠷ ᠤᠨ ᠬᠦᠮᠦᠵᠢᠯ᠂ ᠨᠡᠶᠢᠭᠡᠮ | ᠨᠡᠶᠢᠳᠡ ᠶᠢᠨ ᠵᠢᠷᠤᠮᠵᠢᠭᠤᠯᠬᠤ ᠶᠤᠰᠤ ᠴᠡᠭᠡᠷ ᠢᠶᠠᠷ ᠬᠦᠮᠦᠵᠢᠭᠦᠯᠦᠨ ᠠᠩᠬᠠᠷᠤᠭᠤᠯᠬᠤ ᠰᠠᠶᠢᠬᠠᠨ ᠤᠯᠠᠮᠵᠢᠯᠠᠯ ᠲᠠᠢ᠃ ᠡᠴᠢᠭᠡ | ᠡᠬᠡ ᠪᠤᠯᠤᠭᠰᠠᠳ ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭ᠎ᠠ ᠠᠴᠠ ᠪᠠᠨ︾ ᠭᠡᠵᠦ ᠤᠷᠢᠳ ᠢᠶᠠᠷ ᠭᠡᠷ | ᠪᠦᠯᠢ ᠶᠢᠨ ᠬᠡᠪ ᠲᠠᠭᠤᠷᠢᠶᠠᠯ ᠢ ᠪᠤᠢ ᠪᠤᠯᠭᠠᠵᠦ᠂ ᠬᠡᠤᠬᠡᠳ ᠢ ᠤᠯᠠᠭᠠᠨ ᠨᠢᠯᠬ᠎ᠠ ᠠᠴᠠ ᠨᠢ ︽ᠪᠦᠤᠪᠠᠢ ᠶᠢᠨ ᠲᠠᠭᠤᠤ︾ ᠶᠢᠨ | ᠤᠶᠠᠷᠠᠭᠤᠨ ᠠᠶᠠᠯᠠᠭᠤ ᠪᠠᠷ ᠠᠷᠭᠠᠳᠠᠨ᠂ ᠵᠦᠭᠡᠯᠡᠨ ᠬᠦᠳᠡᠯᠭᠡᠭᠡᠨ ᠢᠶᠠᠷ ᠰᠠᠭᠠᠳᠠᠭᠤᠯᠵᠦ᠂ ᠬᠡᠤᠬᠡᠳ ᠲᠤ ᠠᠮᠤᠷ ᠵᠢᠷᠭᠠᠯᠠᠩ | ᠲᠠᠢ ᠪᠠᠶᠢᠬᠤ ᠨᠦᠯᠦᠭᠡ ᠶᠢ ᠦᠭᠭᠦᠭᠰᠡᠭᠡᠷ ᠰᠠᠨᠠᠭ᠎ᠠ ᠠᠮᠤᠷ ᠤᠨᠳᠠᠭᠤᠯᠳᠠᠭ᠃ ᠬᠡᠤᠬᠡᠳ ᠢ ᠤᠬᠠᠭ᠎ᠠ ᠤᠷᠤᠬᠤ ᠠᠴᠠ ᠡᠬᠢᠯᠡᠵᠦ | ᠂ ᠭᠡᠷ ᠤᠨ ᠲᠤᠮᠤᠴᠤᠳ ᠨᠢ ᠬᠡᠤᠬᠡᠳ ᠤᠨ ᠲᠡᠷᠬᠡᠳᠡ ᠵᠦᠭᠡᠯᠡᠨ ᠲᠠᠭᠤᠨ ᠢᠶᠠᠷ ᠶᠠᠷᠢᠯᠴᠠᠬᠤ ᠠᠴᠠ ᠪᠢᠰᠢ ᠦᠨᠳᠦᠷ | ᠲᠠᠭᠤᠨ ᠢᠶᠠᠷ ᠬᠡᠷᠡᠯᠳᠦᠬᠦ᠂ ᠬᠠᠷᠢᠶᠠᠯᠴᠠᠬᠤ᠂ ᠵᠤᠳᠤᠯᠳᠤᠬᠤ ᠶᠢ ᠴᠢᠩᠭ᠎ᠠ ᠴᠡᠭᠡᠷᠯᠡᠵᠦ᠂ ᠲᠡᠶᠢᠮᠦ ᠬᠠᠷᠭᠢᠰ ᠲᠤᠭᠰᠢᠨ | ᠲᠦᠷᠢ ᠶᠢ ᠦᠵᠡᠭᠦᠯᠬᠦ ᠦᠭᠡᠢ ᠵᠠᠩᠰᠢᠯ ᠲᠠᠢ᠃ ᠨᠡᠩ ᠨᠠᠰᠤᠳᠠᠨ ᠪᠤᠭᠤᠷᠤᠯ ᠲᠠᠢ ᠠᠶᠢᠯ ᠡᠷᠦᠬᠡ ᠶᠢᠨ ᠭᠡᠷ ᠤᠨ ᠰᠤᠷᠭᠠᠯ | ᠴᠢᠩᠭ᠎ᠠ ᠪᠠᠶᠢᠳᠠᠭ᠃ ᠬᠡᠤᠬᠡᠳ ᠢ ᠬᠠᠶᠢᠷᠠᠯᠠᠨ ᠦᠰᠭᠡᠬᠦ ᠪᠤᠯᠪᠠᠴᠤ ᠡᠷᠬᠡᠯᠡᠭᠦᠯᠦᠨ ᠲᠤᠷ᠎ᠠ ᠪᠠᠷ ᠨᠢ ᠲᠠᠯᠪᠢᠳᠠᠭ ᠦᠭᠡᠢ᠂ | ᠬᠡᠤᠬᠡᠳ ᠲᠡᠩᠳᠡᠭᠦᠤ ᠡᠷᠬᠡᠯᠡᠨ ᠠᠭᠠᠰᠢᠯᠠᠬᠤ ᠭᠡᠪᠡᠯ ᠪᠦᠳᠦᠭᠦᠨ ᠲᠠᠭᠤᠨ ᠢᠶᠠᠷ ᠵᠠᠩᠨᠠᠵᠦ ᠲᠡᠭᠡᠵᠦ ᠪᠤᠯᠬᠤ ᠦᠭᠡᠢ ᠪᠠᠨ | ᠮᠡᠳᠡᠭᠳᠡᠬᠦ ᠳᠤ ᠬᠡᠤᠬᠡᠳ ᠲᠡᠷᠡ ᠶᠡᠭᠡ ᠲᠠᠭᠤᠨ ᠢ ᠰᠤᠨᠤᠰᠤᠭᠰᠠᠨ ᠦᠭᠡᠢ ᠤᠴᠢᠷ ᠶᠡᠭᠡ ᠪᠠᠷ ᠠᠶᠤᠵᠦ ᠠᠭᠠᠰᠢᠯᠠᠬᠤ ᠪᠠᠨ | ᠪᠤᠯᠢᠳᠠᠭ᠂ ᠦᠵᠦᠮᠦᠴᠢᠨᠴᠤᠳ ᠶᠡᠷᠦ ᠨᠢ ᠠᠭᠤᠷ ᠬᠦᠷᠪᠡᠴᠤ ᠵᠤᠳᠤᠯᠳ᠋ᠨᠬᠤ ᠵᠤᠷᠢᠭ ᠦᠭᠡᠢ᠃ ︽ᠬᠠᠮᠪᠠᠷᠤᠮ︾ ᠠᠴᠠ | ᠤᠨᠳᠤᠤ ᠬᠠᠷᠢᠶᠠᠯ ᠮᠡᠳᠡᠬᠦ ᠦᠭᠡᠢ ᠪᠠᠶᠢᠳᠠᠭ ᠨᠢ ᠲᠡᠷᠡ ᠪᠢᠯᠡ᠃ ᠪᠤᠭᠤᠷᠤᠯ ᠨᠠᠰᠤᠳᠠᠳ ᠠᠴᠠ ᠤᠷᠤᠢ ᠪᠤᠯᠬᠤ ᠳᠤ ᠬᠡᠤᠬᠡᠳ | ᠠᠴᠢ ᠨᠠᠷ ᠲᠠᠭᠠᠨ ᠬᠤᠨᠤᠴᠢ ᠬᠡᠤᠬᠡᠳ ᠲᠤ ︽ᠮᠠᠩᠭᠤᠰ ᠢ ᠲᠠᠷᠤᠭᠰᠠᠨ ᠪᠠᠭᠠᠳᠤᠷ ᠤᠨ ᠦᠯᠢᠭᠡᠷ︾ ᠢ ᠭᠤᠤᠯᠳᠠᠭᠤ ᠶᠠᠷᠢᠵᠦ᠂ | ᠳᠡᠳᠡᠨ ᠳᠤ ᠪᠠᠭᠠᠳᠤᠷᠯᠢᠭ ᠰᠦᠰᠦ ᠵᠤᠷᠢᠭ ᠲᠠᠢ ᠪᠤᠯᠬᠤ ᠪᠠ ᠰᠠᠶᠢᠨ ᠮᠠᠭᠤ᠂ ᠰᠠᠶᠢᠬᠠᠨ ᠮᠠᠭᠤᠬᠠᠢ ᠶᠢ ᠢᠯᠭᠠᠬᠤ ᠴᠢᠳᠠᠪᠤᠷᠢ | ᠲᠠᠢ ᠪᠤᠯᠬᠤ ᠶᠢ ᠵᠤᠷᠢᠳᠠᠭ᠃ ᠪᠠᠰᠠ ᠬᠤᠨᠤᠴᠢ ᠬᠦᠮᠦᠨ ᠬᠤᠶᠠᠷ ᠦᠯᠢᠭᠡᠷ ᠬᠤᠷᠢᠨ ᠤᠨᠢᠰᠤᠭ᠎ᠠ ᠬᠡᠯᠡᠭᠦᠯᠬᠦ ᠭᠡᠵᠦ | ᠵᠢᠳᠭᠦᠬᠦᠯᠦᠨ᠂ ᠦᠪᠡᠷᠳᠡᠭᠡᠨ ᠤᠨᠢᠰᠤᠭ᠎ᠠ ᠠᠰᠠᠭᠤᠬᠤ ᠪᠤᠶᠤ ᠬᠡᠤᠬᠡᠳ ᠢᠶᠠᠷ ᠤᠨᠢᠰᠤᠭ᠎ᠠ ᠬᠡᠯᠡᠭᠦᠯᠵᠦ᠂ ᠬᠠᠷᠢᠯᠴᠠᠨ | ᠲᠠᠭᠠᠯᠴᠠᠨ᠂ ᠬᠡᠤᠬᠡᠳ ᠤᠨ ᠤᠶᠤᠨ ᠪᠢᠯᠢᠭ ᠢ ᠬᠤᠷᠴᠠᠯᠠᠬᠤ ᠶᠢ ᠠᠬᠢᠭᠤᠯᠳᠠᠭ ᠰᠠᠶᠢᠬᠠᠨ ᠵᠢᠷᠤᠮᠵᠢᠯ ᠲᠠᠢ ᠶᠤᠮ᠃ | ᠦᠷ᠎ᠡ ᠬᠡᠤᠬᠡᠳ ᠢᠶᠠᠨ ᠡᠬᠡ ᠬᠡᠯᠡ ᠪᠠᠷ ᠨᠢ ᠰᠤᠷᠭᠠᠵᠦ᠂ ᠲᠦᠷᠰᠦᠯᠡᠯ ᠢᠶᠠᠷ ᠦᠭᠡ ᠴᠡᠭᠡᠵᠢᠯᠡᠭᠦᠯᠵᠦ ᠡᠬᠢᠯᠡᠳᠡᠭ᠃ | ᠵᠢᠱᠢᠶᠡᠯᠡᠬᠦ ᠳᠤ ᠡᠴᠢᠭᠡ ᠡᠬᠡ ᠪᠤᠶᠤ ᠠᠬ᠎ᠠ ᠡᠭᠡᠴᠢ ᠶᠢ ᠨᠢ ᠵᠢᠭᠠᠭᠰᠠᠨ ᠢᠶᠠᠨ ᠠᠪᠤ᠂ ᠡᠵᠢ᠂ ᠠᠬ᠎ᠠ᠂ ᠡᠭᠡᠴᠢ ᠭᠡᠬᠦ ᠪᠤᠶᠤ | ᠦᠪᠡᠷ ᠤᠨ ᠨᠢᠭᠤᠷ ᠤᠨ ᠡᠷᠬᠡᠳᠡᠨ ᠢᠶᠠᠨ ᠪᠠᠷᠢᠵᠦ ᠬᠠᠮᠠᠷ᠂ ᠨᠢᠳᠦ᠂ ᠴᠢᠬᠢ᠂ ᠠᠮᠠ ᠭᠡᠬᠦ ᠮᠡᠳᠦ ᠪᠠᠷ ᠦᠷᠭᠦᠯᠵᠢ ᠬᠡᠷᠡᠭᠯᠡᠳᠡᠭ | ᠲᠠᠭᠤᠳᠠᠯᠭ᠎ᠠ ᠪᠠᠷ ᠲᠠᠭᠠᠭᠤᠯᠤᠨ ᠬᠡᠯᠡᠭᠦᠯᠬᠦ ᠪᠤᠶᠤ ᠬᠡᠯᠡᠬᠦ ᠶᠢ ᠨᠢ ᠲᠠᠭᠠᠭᠤᠯᠵᠦ ᠪᠠᠷᠢᠵᠦ ᠴᠡᠭᠡᠵᠢᠯᠡᠭᠦᠯᠳᠡᠭ᠃ 3 — 4 | ᠨᠠᠰᠤ ᠬᠦᠷᠪᠡᠯ ᠶᠠᠮᠠᠷ ᠨᠢᠭᠡᠨ ᠲᠦᠷᠰᠦ ᠶᠢ ᠵᠢᠭᠠᠵᠦ᠂ ᠭᠠᠯ᠂ ᠤᠰᠤ᠂ ᠲᠤᠭᠤᠭ᠎ᠠ᠂ ᠭᠡᠷ᠂ ᠨᠠᠷᠠ᠂ ᠰᠠᠷ᠎ᠠ᠂ ᠤᠳᠤ ᠭᠡᠬᠦ | ᠵᠡᠷᠭᠡ ᠶᠢ ᠲᠠᠨᠢᠭᠤᠯᠤᠨ᠂ ᠲᠠᠪᠤᠨ ᠬᠤᠰᠢᠭᠤ ᠮᠠᠯ ᠢ ᠲᠠᠨᠢᠭᠤᠯᠬᠤ ᠳᠠᠭᠠᠨ ᠬᠤᠨᠢ ᠶᠢ ᠡᠬᠢᠯᠡᠭᠡᠳ ᠮᠠᠶᠢᠯᠠᠬᠤ ᠲᠠᠭᠤᠨ ᠢ ᠨᠢ | ᠲᠠᠭᠤᠷᠢᠶᠠᠵᠦ ︽ᠮᠠᠢ᠂ ᠮᠠᠢ︾᠂ ᠦᠬᠡᠷ ᠤᠨ ᠲᠠᠭᠤᠨ ᠢ ᠲᠠᠭᠤᠷᠢᠶᠠᠵᠦ ︽ᠦᠮᠪᠤᠤ︾᠂ ᠢᠮᠠᠭ᠎ᠠ ᠶᠢ ︽ᠴᠢᠶᠧ᠂ ᠴᠢᠶᠧ︾ | ᠭᠡᠵᠦ ᠲᠤᠰ ᠪᠦᠷᠢ ᠲᠠᠭᠤ ᠪᠠᠷ ᠨᠢ ᠲᠦᠷᠰᠦᠯᠡᠨ ᠲᠠᠨᠢᠭᠤᠯᠵᠦ᠂ ᠲᠠᠷᠠᠭ᠎ᠠ ᠨᠢ ᠠᠳᠤᠭᠤ᠂ ᠦᠬᠡᠷ᠂ ᠬᠤᠨᠢ᠂ ᠢᠮᠠᠭ᠎ᠠ᠂ | ᠲᠡᠮᠡᠭᠡ ᠶᠢ ᠪᠦᠬᠦᠯᠢ ᠪᠠᠷ ᠨᠢ ᠶᠠᠷᠢᠭᠤᠯᠵᠦ ᠰᠤᠷᠭᠠᠳᠠᠭ᠃ ᠡᠨᠡ ᠮᠡᠳᠦ ᠪᠠᠷ ᠬᠡᠤᠬᠡᠳ ᠲᠤ ᠤᠶᠢᠷᠠᠳᠤᠭᠰᠠᠨ ᠪᠤᠳᠠᠰ ᠶᠠᠭᠤᠮ᠎ᠠ | ᠪᠤᠶᠤ ᠬᠤᠪᠴᠠᠰᠦ ᠡᠮᠦᠰᠬᠦ ᠵᠡᠷᠭᠡ ᠦᠢᠯᠡ ᠬᠦᠳᠡᠯᠭᠡᠭᠡᠨ ᠢᠶᠠᠷ ᠨᠢ ᠪᠤᠳᠠᠳᠤ ᠤᠷᠤᠰᠢᠬᠤᠢ ᠪᠠᠷ ᠲᠦᠷᠰᠦᠯᠡᠭᠦᠯᠦᠨ ᠪᠠᠶᠢᠩᠭᠤ | ᠬᠡᠯᠡᠵᠦ ᠵᠢᠭᠠᠳᠠᠭ ᠢᠶᠠᠷ ᠠᠮᠠᠷᠬᠠᠨ ᠴᠡᠭᠡᠵᠢᠯᠡᠨ ᠴᠠᠭᠠᠷᠠᠩᠭᠤᠢ ᠬᠡᠯᠡᠵᠦ ᠰᠤᠷᠴᠢᠬᠠᠳᠠᠭ ᠶᠤᠮ᠃ 5 — 6 ᠨᠠᠰᠤ ᠬᠦᠷᠪᠡᠯ | ᠵᠦᠭ ᠴᠢᠭ ᠮᠡᠳᠡᠭᠦᠯᠬᠦ᠂ ᠠᠷᠪᠠᠨ ᠬᠤᠶᠠᠷ ᠵᠢᠯ ᠢ ᠲᠠᠨᠢᠭᠤᠯᠬᠤ᠂ ᠲᠤᠭ᠎ᠠ ᠲᠤᠭᠠᠯᠠᠵᠦ ᠰᠤᠷᠭᠠᠬᠤ᠂ ᠦᠩᠭᠡ ᠢᠯᠭᠠᠵᠦ | ᠰᠤᠷᠭᠠᠬᠤ᠂ ᠴᠠᠭᠠᠨ ᠲᠤᠯᠤᠭᠠᠢ ᠶᠢᠨ ᠡᠭᠡᠰᠢᠭ ᠲᠤᠯᠤᠭ᠎ᠠ ᠶᠢ ᠪᠢᠴᠢᠭᠦᠯᠬᠦ ᠵᠡᠷᠭᠡ ᠦᠨᠳᠦᠰᠦᠨ ᠮᠡᠳᠡᠯᠭᠡ ᠶᠢ ᠡᠵᠡᠮᠰᠢᠭᠦᠯᠳᠡᠭ | ᠶᠤᠮ᠃ | ⑵ ᠲᠡᠭᠡᠳᠦᠯᠡᠬᠦ ᠶᠢᠨ ᠡᠷᠬᠢᠮ ᠬᠦᠨᠳᠦᠯᠡᠯ | ᠠᠪᠤ ᠡᠵᠢ᠂ ᠠᠬ᠎ᠠ ᠡᠭᠡᠴᠢ ᠪᠠᠨ ᠬᠦᠨᠳᠦᠯᠡᠨ ᠶᠠᠪᠤᠬᠤ ᠪᠤᠯ ᠶᠤᠰᠤ ᠰᠤᠷᠳᠠᠬᠤᠨ ᠢ ᠡᠵᠡᠮᠰᠢᠬᠦ ᠬᠠᠮᠤᠭ ᠠᠩᠬᠠᠨ ᠤ | ᠡᠬᠢᠯᠡᠯ ᠪᠤᠯᠤᠨ᠎ᠠ᠃ ᠡᠴᠢᠭᠡ ᠡᠬᠡ ᠪᠤᠯᠤᠭᠰᠠᠳ ︽ᠬᠦᠮᠦᠨ ᠳᠤ ᠠᠬ᠎ᠠ ᠲᠠᠢ᠂ ᠲᠡᠪᠡᠯ ᠳᠤ ᠵᠠᠭᠠᠮ᠎ᠠ ᠲᠠᠢ︾᠂ ︽ᠭᠠᠭᠴᠠᠭᠠᠷ | ᠶᠠᠪᠤᠪᠠᠯ ᠮᠠᠯᠠᠭᠠᠢ ᠨᠢ ᠠᠬ᠎ᠠ᠂ ᠬᠤᠶᠠᠭᠤᠯᠠ ᠶᠠᠪᠤᠪᠠᠯ ᠨᠢᠭᠡ ᠨᠢ ᠠᠬ᠎ᠠ︾ ᠭᠡᠵᠦ ᠬᠦᠨᠳᠦᠯᠡᠯ ᠤᠨ ᠶᠤᠰᠤ ᠤᠴᠢᠷ ᠢ | ᠬᠡᠤᠬᠡᠳ ᠲᠡᠭᠡᠨ ᠬᠡᠯᠡᠵᠦ ᠰᠤᠷᠭᠠᠳᠠᠭ ᠮᠦᠷᠳᠡᠭᠡᠨ ᠠᠬᠠᠰ ᠵᠠᠬᠠᠰ ᠢ ᠨᠡᠷ᠎ᠡ ᠪᠠᠷ ᠨᠢ ᠲᠠᠭᠤᠳᠠᠭᠤᠯᠬᠤ ᠦᠭᠡᠢ᠂ ᠲᠤᠰᠬᠠᠢ | ᠡᠷᠭᠦᠮᠵᠢ ᠶᠢᠨ ᠨᠡᠷ᠎ᠡ ᠦᠭᠴᠤ ᠬᠦᠨᠳᠦᠯᠡᠭᠦᠯᠦᠨ ᠨᠡᠷᠡᠯᠡᠭᠦᠯᠬᠦ ᠵᠢᠷᠤᠮ ᠲᠠᠢ ᠪᠠᠶᠢᠳᠠᠭ ᠶᠤᠮ᠃ ᠵᠢᠱᠢᠶᠡᠯᠡᠪᠡᠯ ᠡᠪᠦᠭᠡ ᠡᠮᠡᠭᠡ ᠶᠢ | ︽ᠠᠪᠤ︾ ᠪᠤᠶᠤ ︽ᠡᠵᠢ︾ ᠭᠡᠵᠦ᠂ ᠡᠴᠢᠭᠡ ᠡᠬᠡ ᠶᠢ ᠨᠢ ︽ᠠᠵᠠ︾ ᠪᠤᠶᠤ ︽ᠠᠨᠢᠶ᠎ᠠ᠂ ᠠᠭ᠎ᠠ︾ ᠭᠡᠬᠦ ᠮᠡᠳᠦ ᠪᠠᠷ | ᠲᠠᠭᠤᠳᠠᠭᠤᠯᠬᠤ ᠪᠦᠭᠡᠳ ᠠᠪᠤ ᠡᠵᠢ ᠨᠢ ᠡᠩᠬᠡ ᠮᠡᠨᠳᠦ ᠪᠠᠶᠢᠬᠤ ᠵᠠᠯᠠᠭᠤ ᠡᠴᠢᠭᠡ ᠡᠬᠡ ᠶᠢ ᠬᠡᠤᠬᠡᠳ ᠢᠶᠠᠷ ᠨᠢ ︽ᠠᠪᠤ︾ | ᠪᠤᠶᠤ ︽ᠡᠵᠢ︾ ᠭᠡᠵᠦ ᠰᠢᠭᠤᠳ ᠡᠷᠭᠦᠮᠵᠢᠯᠡᠭᠦᠯᠳᠡᠭ ᠦᠭᠡᠢ ᠤᠴᠢᠷ ᠲᠠᠢ᠃ ᠠᠬ᠎ᠠ ᠡᠭᠡᠴᠢ ᠪᠤᠯᠤᠭᠰᠠᠳ ᠢ ᠡᠷᠭᠦᠮᠵᠢ ᠶᠢᠨ | ᠨᠠᠷᠠ ᠦᠭᠴᠤ ᠤᠯᠠᠩᠬᠢ ᠳᠠᠭᠠᠨ ︽ᠠᠪᠤᠭᠠᠢ︾᠂ ︽ᠠᠮᠪᠠ︾᠂ ︽ᠠᠨᠵᠢᠶ᠎ᠠ︾᠂ ︽ᠠᠶ᠎ᠠ︾᠂ ︽ᠠᠭᠦ᠋︾ ᠭᠡᠬᠦ | ᠵᠡᠷᠭᠡ ᠪᠠᠷ ᠲᠠᠭᠤᠳᠠᠭᠤᠯᠤᠨ ᠰᠤᠷᠠᠭᠠᠳᠠᠭ ᠶᠤᠮ᠃ ᠡᠨᠡ ᠮᠡᠳᠦ ᠪᠠᠷ ᠠᠶᠢᠯ ᠠᠶᠢᠮᠠᠭ ᠤᠨ ᠦᠳᠡᠭᠦᠰ ᠠᠬᠠᠮᠠᠳ ᠢ ᠴᠤ | ᠡᠷᠭᠦᠮᠵᠢ ᠶᠢᠨ ᠨᠡᠷ᠎ᠡ ᠦᠭᠴᠤ ᠲᠠᠭᠤᠳᠠᠭᠤᠯᠤᠨᠠ᠃ ᠬᠡᠤᠬᠡᠳ ᠭᠡᠷ ᠵᠠᠭᠤᠷ᠎ᠠ ᠶᠢᠨ ᠠᠵᠢᠯ ᠶᠠᠪᠤᠳᠠᠯ ᠢ ᠬᠢᠵᠦ ᠴᠢᠳᠠᠬᠤ | ᠪᠤᠯᠬᠤ ᠪᠠᠷ ᠨᠢ ᠦᠷᠯᠦᠭᠡ ᠡᠷᠳᠡ ᠪᠤᠰᠬᠠᠬᠤ᠂ ᠠᠷᠭᠠᠯ ᠲᠦᠯᠡᠰᠢ ᠤᠶᠢᠷᠠᠳᠤᠭᠤᠯᠬᠤ᠂ ᠦᠨᠡᠰᠦ ᠬᠤᠭ ᠬᠠᠶᠠᠨ ᠭᠠᠯ | ᠨᠤᠴᠤᠭᠠᠬᠤ᠂ ᠤᠰᠤ ᠤᠷᠤᠭᠤᠯᠤᠨ ᠴᠠᠢ ᠪᠡᠯᠡᠳᠬᠦ᠂ ᠬᠤᠭᠤᠯᠠ ᠴᠠᠢ ᠪᠠᠨ ᠨᠠᠰᠤᠨ ᠤ ᠠᠬᠠᠮᠠᠳ ᠠᠴᠠ ᠡᠬᠢᠯᠡᠨ ᠠᠶᠠᠭᠠᠯᠠᠨ | ᠦᠭᠬᠦ᠂ ᠦᠳᠡᠭᠦᠰ ᠤᠨ ᠬᠤᠪᠴᠠᠰᠤ ᠬᠤᠨᠠᠷ ᠢ ᠡᠮᠦᠰᠭᠡᠵᠦ ᠦᠭᠬᠦ᠂ ᠬᠦᠨᠵᠢᠯᠡ ᠲᠡᠪᠢᠰᠭᠡᠷ ᠢ ᠬᠤᠷᠢᠶᠠᠬᠤ᠂ ᠭᠡᠷ ᠴᠡᠪᠡᠷᠯᠡᠬᠦ | ᠵᠡᠷᠭᠡ ᠠᠷᠰᠠᠷ ᠠᠵᠢᠯ ᠬᠢᠳᠡᠯ ᠢ ᠪᠠᠭ᠎ᠠ ᠠᠴᠠ ᠨᠢ ᠬᠢᠯᠭᠡᠵᠦ ᠰᠤᠷᠭᠠᠨᠡ᠃ ᠠᠶᠢᠯ ᠠᠶᠢᠮᠠᠭ ᠤᠨ ᠨᠠᠰᠤᠳᠠᠨ ᠨᠢ | ᠠᠶᠢᠯᠴᠢᠯᠠᠬᠤ ᠪᠠᠷ ᠢᠷᠡᠪᠡᠯ ᠬᠡᠤᠬᠡᠳ ᠪᠡᠷᠢᠶᠡᠳ ᠨᠢ ᠲᠤᠰᠤᠨ ᠭᠠᠷᠴᠤ ᠤᠨᠤᠭ᠎ᠠ ᠬᠦᠯᠦᠪᠦᠷᠢ ᠶᠢ ᠨᠢ ᠲᠤᠰᠤᠨ ᠠᠪᠴᠤ᠂ | ᠠᠮᠤᠷ ᠮᠡᠨᠳᠦ ᠶᠢ ᠨᠢ ᠠᠰᠠᠭᠤᠬᠤ ᠶᠢᠨ ᠲᠠᠭᠠᠤ ᠲᠦᠰᠢᠨ ᠪᠠᠭᠤᠯᠭᠠᠵᠦ᠂ ᠡᠭᠦᠳᠡ ᠪᠠᠨ ᠰᠡᠭᠦᠨ ᠦᠭᠴᠤ ᠭᠡᠷ ᠲᠤ ᠵᠠᠯᠠᠵᠦ | ᠤᠷᠤᠭᠤᠯᠳᠠᠭ᠃ ᠲᠡᠭᠦᠮᠡᠳ ᠬᠦᠮᠦᠨ ᠪᠦᠬᠦᠨ ᠢᠶᠠᠷ ᠢᠶᠠᠨ ᠭᠠᠷᠴᠤ ᠤᠭᠳᠤᠳᠠᠭ ᠶᠤᠮ᠂ ᠨᠠᠰᠤᠳᠠᠨ ᠢ ᠬᠤᠶᠢᠮᠤᠷ | ᠰᠠᠭᠤᠯᠭᠠᠭᠰᠠᠨ ᠢᠶᠠᠨ ᠬᠦᠭᠦᠷ ᠰᠤᠯᠢᠯᠴᠠᠨ ᠮᠡᠨᠳᠦ ᠤᠰᠤᠨ ᠢᠶᠠᠨ ᠠᠰᠠᠭᠤᠯᠴᠠᠨ᠂ ᠰᠢᠨ᠎ᠡ ᠴᠠᠢ ᠪᠡᠯᠡᠳᠦᠨ ᠠᠶᠠᠭᠠᠯᠠᠵᠦ | ᠦᠭᠬᠦ ᠳᠡᠭᠡᠨ ᠬᠤᠶᠠᠷ ᠭᠠᠷ ᠢᠶᠠᠷ ᠪᠠᠷᠢᠳᠠᠭ᠃ ᠲᠤᠮᠤᠴᠤᠳ ᠢ ᠶᠠᠷᠢᠯᠴᠠᠬᠤ ᠲᠤᠮᠳᠠ ᠬᠡᠤᠬᠡᠳ ᠤᠳ ᠦᠢᠮᠡᠵᠦ ᠱᠤᠤᠬᠢᠬᠤ ᠪᠠ | ᠬᠤᠩᠰᠢᠶᠠᠷ ᠲᠦᠷᠢᠵᠦ ᠪᠤᠯᠳᠠᠭ ᠦᠭᠡᠢ᠂ ᠲᠡᠭᠡᠪᠡᠯ ᠶᠤᠰᠤ ᠮᠤᠷᠠᠯ ᠦᠭᠡᠢ ᠭᠡᠬᠦ ᠪᠠ ᠶᠡᠭᠡ ᠶᠢᠨ ᠴᠡᠭᠡᠵᠢ ᠲᠠᠢ ᠭᠡᠵᠦ | ᠵᠠᠩᠨᠠᠳᠠᠭ᠃ ᠵᠠᠯᠠᠭᠤ ᠪᠠᠭᠠᠴᠤᠳ ᠠᠶᠢᠯ ᠳᠤ ᠪᠠᠭᠤᠬᠤ ᠳᠠᠭᠠᠨ ᠨᠠᠰᠤᠳᠠᠨ ᠤ ᠠᠮᠤᠷ ᠢ ᠡᠷᠢᠬᠦ᠂ ᠠᠬᠠᠮᠠᠳ ᠤᠨ ᠲᠤᠤᠷ᠎ᠠ | ᠲᠠᠯ᠎ᠠ ᠪᠠᠷ ᠰᠠᠭᠤᠬᠤ᠂ ᠴᠤᠨᠴᠤᠶᠢᠵᠦ ᠰᠠᠭᠤᠬᠤ ᠶᠤᠰᠤᠳᠠᠢ ᠪᠠᠶᠢᠳᠠᠭ᠃ ᠶᠡᠷᠦ ᠨᠢ ᠶᠠᠪᠠᠭᠠᠨ ᠰᠠᠭᠤᠬᠤ᠂ ᠠᠷᠭᠠᠯ ᠤᠨ | ᠠᠪᠳᠠᠷ᠎ᠠ ᠳᠡᠭᠡᠷ᠎ᠡ ᠰᠠᠨᠳᠠᠶᠢᠯᠠᠨ ᠰᠠᠭᠤᠬᠤ᠂ ᠪᠤᠱᠤᠭᠠᠨ ᠳᠡᠭᠡᠷ᠎ᠡ ᠰᠠᠭᠤᠬᠤ ᠪᠤᠶᠤ ᠬᠢᠰᠭᠢᠬᠦ᠂ ᠬᠠᠭᠠᠯᠭ᠎ᠠ ᠠᠯᠳᠠᠯᠠᠬᠤ᠂ | ᠡᠭᠦᠳᠡᠨ ᠤ ᠪᠤᠷᠤᠭᠤ ᠲᠠᠯ᠎ᠠ ᠠᠴᠠ ᠤᠷᠤᠵᠦ ᠭᠠᠷᠴᠤ ᠪᠤᠯᠳᠠᠭ ᠦᠭᠡᠢ ᠵᠠᠩᠰᠢᠯ ᠲᠠᠢ ᠪᠤᠯᠤᠨ ᠬᠦᠮᠦᠵᠢᠨ᠎ᠡ᠃ | ⑶ ᠡᠬᠢ ᠪᠠᠶᠢᠭᠠᠯᠢ ᠪᠠᠨ ᠬᠠᠶᠢᠷᠠᠯᠠᠬᠤ ᠰᠤᠷᠭᠠᠯ | ᠡᠬᠢ ᠪᠠᠶᠢᠭᠠᠯᠢ ᠪᠠᠨ ᠬᠠᠶᠢᠷᠠᠯᠠᠭᠤᠯᠬᠤ ᠳᠤ᠂ ᠬᠡᠤᠬᠡᠳ ᠪᠠᠭᠠᠴᠤᠳ ᠲᠤ ᠤᠪᠤᠭ᠎ᠠ ᠰᠢᠳᠦᠭᠡᠨ ᠢᠶᠠᠨ ᠳᠠᠬᠢᠬᠤ ᠪᠠᠷ | ᠲᠠᠮᠵᠢᠭᠤᠯᠤᠨ ᠪᠠᠶᠢᠭᠠᠯᠢ ᠪᠡᠯᠴᠢᠭᠡᠷ ᠤᠨ ᠰᠢᠮ᠎ᠡ ᠳᠡᠭᠡᠵᠢ ᠠᠴᠠ ᠠᠮᠢᠳᠤᠷᠠᠯ ᠤᠨ ᠠᠰᠢᠭ ᠬᠦᠷᠳᠡᠵᠦ ᠪᠠᠶᠢᠬᠤ ᠶᠢ | ᠤᠶᠢᠯᠠᠭᠠᠭᠤᠯᠵᠦ᠂ ᠪᠠᠶᠢᠭᠠᠯᠢ ᠪᠠᠨ ᠬᠠᠶᠢᠷᠠᠯᠠᠬᠤ ᠤᠬᠠᠮᠰᠠᠷ ᠢ ᠪᠤᠢ ᠪᠤᠯᠭᠠᠳᠠᠭ᠃ ᠡᠭᠦᠨ ᠳᠤ᠄ ᠨᠢᠯᠬ᠎ᠠ ᠨᠤᠭᠤᠭ᠎ᠠ ᠶᠢ | ᠲᠠᠰᠤᠯᠵᠦ ᠪᠤᠯᠬᠤ ᠦᠭᠡᠢ᠂ ᠨᠢᠭᠡ ᠨᠤᠲᠤᠭ ᠳᠡᠭᠡᠷ᠎ᠡ ᠤᠳᠠᠭᠠᠨ ᠰᠠᠭᠤᠵᠦ ᠪᠡᠯᠴᠢᠭᠡᠷ ᠲᠠᠵᠢᠷᠰᠢᠬᠤ ᠶᠢ ᠰᠡᠷᠭᠡᠶᠢᠯᠡᠵᠦ | ᠪᠠᠶᠢᠩᠭᠤ ᠨᠡᠭᠦᠨ ᠰᠢᠯᠵᠢᠵᠦ᠂ ᠨᠡᠭᠦᠬᠦ ᠳᠡᠭᠡᠨ ᠦᠨᠡᠰᠦᠨ ᠨᠦᠬᠡ᠂ ᠤᠳᠤᠭᠠᠷᠢ ᠶᠢᠨ ᠨᠦᠭᠡ᠂ ᠭᠠᠳᠠᠰᠤᠨ ᠨᠦᠬᠡ ᠵᠡᠷᠭᠡ | ᠭᠠᠵᠠᠷ ᠤᠨ ᠬᠦᠷᠦᠰᠦ ᠡᠪᠳᠡᠭᠰᠡᠨ ᠨᠦᠬᠡ ᠭᠤᠤ ᠪᠠᠨ ᠪᠦᠭᠯᠡᠵᠦ ᠳᠠᠯᠪᠢᠭᠰᠠᠨ ᠢᠶᠠᠨ ᠨᠤᠲᠤᠭ ᠪᠠᠭᠤᠴᠡ ᠪᠠᠨ ᠴᠡᠪᠡᠷᠯᠡᠨ | ᠤᠷᠬᠢᠳᠠᠭ᠃ ᠶᠡᠭᠡ ᠠᠭᠤᠯᠠ ᠪᠠ ᠲᠠᠬᠢᠯᠭᠠᠳᠤ ᠤᠪᠤᠭᠠᠨ ᠤ ᠨᠡᠷ᠎ᠡ ᠶᠢ ᠰᠢᠭᠤᠳ ᠨᠡᠷᠡᠯᠡᠭᠦᠯᠬᠦ ᠦᠭᠡᠢ ︽ᠶᠡᠭᠡ ᠬᠠᠶᠢᠷᠬᠠᠨ︾ | ᠂ ︽ᠰᠢᠳᠦᠭᠡᠨ ᠤ ᠭᠠᠵᠠᠷ︾ ᠭᠡᠬᠦ ᠮᠡᠳᠦ ᠪᠠᠷ ᠲᠠᠭᠤᠳᠠᠨ᠎ᠠ᠃ ᠠᠭᠤᠯᠠᠨ ᠤᠷᠤᠨ ᠢᠶᠠᠷ ᠲᠦᠯᠡᠰᠢ ᠠᠪᠬᠤ ᠳᠠᠭᠠᠨ ᠬᠤᠪᠠᠭ᠋ᠠᠢ | ᠪᠤᠶᠤ ᠦᠵᠢᠷᠡᠭᠰᠡᠨ ᠮᠤᠳᠤᠨ ᠤ ᠮᠦᠴᠢᠷ ᠰᠠᠯᠠᠭ᠎ᠠ ᠶᠢ ᠠᠪᠬᠤ ᠠᠴᠠ ᠪᠢᠰᠢ ᠤᠷᠭᠤᠵᠦ ᠪᠠᠶᠢᠭ᠎ᠠ ᠮᠤᠳᠤᠨ ᠤ ᠰᠠᠯᠠᠭ᠎ᠠ | ᠨᠠᠮᠠᠭ᠎ᠠ ᠶᠢ ᠬᠤᠭᠤᠴᠠᠨ ᠠᠪᠳᠠᠭ ᠦᠭᠡᠢ᠂ ᠨᠡᠩ ᠭᠠᠭᠴᠠ ᠬᠤᠶᠠᠷ ᠮᠤᠳᠤᠨ ᠢ ᠬᠦᠨᠳᠡᠳᠡᠭ ᠦᠭᠡᠢ ᠤᠴᠢᠷ ᠲᠠᠢ᠃ ᠨᠡᠭᠦᠵᠦ | ᠰᠠᠭᠤᠬᠤ ᠳᠠᠭᠠᠨ ᠪᠠᠭᠤᠴᠠᠨ ᠤ ᠭᠠᠯ ᠤᠨ ᠴᠤᠭ ᠢᠶᠠᠨ ᠯᠠᠪᠳᠠᠭᠤᠨ ᠤᠨᠳᠠᠷᠠᠭᠠᠵᠦ ᠲᠠᠯᠪᠢᠨ᠂ ᠪᠡᠯᠴᠢᠭᠡᠷ ᠤᠨ ᠲᠦᠢᠮᠡᠷ | ᠭᠠᠷᠬᠤ ᠶᠢ ᠰᠡᠷᠭᠡᠶᠢᠯᠡᠳᠡᠭ᠃ ᠪᠤᠯᠠᠭ ᠱᠠᠩᠳᠠ ᠭᠤᠤᠯ ᠤᠷᠤᠰᠬᠠᠯ ᠵᠡᠷᠭᠡ ᠤᠰᠤᠨ ᠤ ᠠᠷᠢᠭᠤᠨ ᠴᠡᠪᠡᠷ ᠪᠠᠶᠢᠬᠤ ᠶᠢ | ᠡᠷᠬᠢᠮᠯᠠᠵᠦ᠂ ᠭᠤᠤᠯ ᠪᠤᠯᠠᠭ ᠲᠤ ᠲᠤᠲᠤᠷ᠎ᠠ ᠬᠤᠪᠴᠠᠰᠤ ᠬᠤᠨᠠᠷ ᠢᠶᠠᠨ ᠤᠬᠢᠶᠠᠳᠠᠭ ᠦᠭᠡᠢ ᠪᠦᠭᠡᠳ ᠪᠤᠵᠠᠷ ᠪᠤᠷᠳᠠᠭ | ᠶᠠᠭᠤᠮ᠎ᠠ ᠬᠢᠬᠦ ᠶᠢ ᠬᠢᠴᠢᠶᠡᠳᠡᠭ᠂ ᠢᠩᠬᠢᠵᠦ ᠬᠢᠪᠡᠯ ︽ᠯᠤᠤᠰ ᠲᠤᠭᠰᠢᠷᠠᠨᠠ︾ ᠭᠡᠳᠡᠭ᠃ ᠡᠶᠢᠮᠦ ᠠᠴᠠ ᠲᠤᠰᠬᠠᠢ | ᠰᠠᠪᠠᠨ ᠳᠤ ᠬᠢᠵᠦ ᠤᠬᠢᠶᠠᠨ᠂ ᠤᠬᠢᠶᠠᠳᠠᠰᠤ ᠪᠠᠨ ᠭᠤᠤᠯ ᠪᠤᠯᠠᠭ ᠠᠴᠠ ᠵᠠᠶᠢᠳᠠᠭᠤ ᠬᠠᠭᠤᠷᠠᠢ ᠬᠦᠪᠡᠭᠡᠨ ᠵᠦᠭ ᠴᠢᠳᠬᠤᠳᠠᠭ᠃ | ᠵᠡᠷᠯᠢᠭ ᠠᠷᠢᠶᠠᠳᠠᠨ ᠵᠢᠭᠦᠷᠳᠡᠨ ᠢ ᠬᠠᠮᠠᠭᠠᠯᠠᠨ᠂ ᠠᠩ ᠭᠦᠷᠦᠭᠡ ᠬᠢᠬᠦ ᠳᠡᠭᠡᠨ ᠦᠷᠡᠵᠢᠯ ᠲᠦᠯᠵᠢᠯ ᠢ ᠨᠢ ᠠᠩᠬᠠᠷᠴᠤ᠂ | ᠵᠡᠭᠡᠷ᠎ᠡ ᠲᠠᠷᠪᠠᠭ᠎ᠠ ᠵᠡᠷᠭᠡ ᠠᠮᠢᠳᠠᠨ ᠬᠦᠬᠦᠳᠡᠨ ᠢ ᠠᠩᠬᠠᠷᠴᠤ᠂ ᠡᠷ᠎ᠡ ᠰᠤᠪᠠᠢ ᠨᠠᠰᠤ ᠭᠦᠢᠴᠡᠭᠰᠡᠨ ᠢ ᠨᠢ ᠠᠩᠨᠠᠬᠤ ᠠᠴᠠ ᠪᠢᠰᠢ | ᠢᠨᠵᠠᠭ᠎ᠠ ᠪᠤᠶᠤ ᠮᠦᠨᠳᠡᠢ ᠵᠡᠷᠭᠡ ᠵᠤᠯᠵᠠᠭ᠎ᠠ ᠠᠮᠢᠳᠠᠨ ᠢ ᠳᠠᠯᠪᠢᠳᠠᠭ ᠶᠤᠮ᠃ ᠵᠢᠭᠦᠷᠳᠡᠨ ᠰᠢᠪᠡᠭᠤᠳ ᠢ ᠠᠯᠠᠳᠠᠭ ᠦᠭᠡᠢ | ᠪᠦᠭᠡᠳ ᠪᠤᠯᠵᠤᠮᠤᠷ ᠤᠨ ᠦᠨᠳᠡᠭᠡ ᠳᠡᠭᠡᠷ᠎ᠡ ᠰᠡᠭᠦᠳᠡᠷ ᠢᠶᠠᠨ ᠴᠤ ᠲᠤᠰᠬᠠᠵᠦ ᠪᠤᠯᠳᠠᠭ ᠦᠭᠡᠢ ᠵᠠᠩᠰᠢᠯ ᠲᠠᠢ᠂ ︽ | ᠰᠡᠭᠦᠳᠡᠷ ᠢᠶᠠᠨ ᠲᠤᠰᠬᠠᠴᠢᠪᠠᠯ ᠦᠨᠳᠡᠭᠡ ᠦᠬᠦᠴᠢᠭᠡᠨᠡ᠂ ᠲᠡᠭᠡᠪᠡᠯ ᠨᠢᠭᠦᠯ ᠪᠤᠯᠤᠨ᠎ᠠ︾ ᠭᠡᠵᠦ ᠬᠡᠤᠬᠡᠳ ᠪᠠᠭᠠᠴᠤᠳ ᠲᠤ | ᠠᠩᠬᠠᠷᠤᠭᠤᠯᠳᠠᠭ ᠶᠤᠮ᠃ ᠡᠯᠢᠶ᠎ᠡ ᠲᠤᠭᠤᠷᠤᠤ ᠪᠤᠶᠤ ᠲᠡᠭᠦᠨ ᠤ ᠦᠨᠳᠡᠭᠡ ᠵᠤᠯᠵᠠᠭ᠎ᠠ ᠶᠢ ᠨᠢ ᠠᠯᠠᠪᠠᠯ ᠬᠠᠷᠢᠶᠠᠯ ᠬᠦᠷᠦᠨ᠎ᠡ | ᠭᠡᠵᠦ ᠴᠢᠩᠭ᠎ᠠ ᠴᠡᠭᠡᠷᠯᠡᠭᠦᠯᠳᠡᠭ᠂ ᠨᠡᠩ ᠪᠤᠭᠤ ᠰᠤᠭᠤ ᠶᠢ ᠨᠠᠮᠨᠠᠬᠤ ᠦᠭᠡᠢ᠂ ᠪᠤᠭᠤ ᠪᠤᠯ ᠮᠢᠩᠭᠠᠨ ᠨᠠᠰᠤ ᠲᠠᠢ ᠠᠮᠢᠳᠠᠨ᠂ | ᠨᠠᠰᠤᠨ ᠬᠤᠳᠤᠭ ᠪᠤᠭᠤᠨᠢᠰᠤᠨ᠎ᠠ ᠭᠡᠳᠡᠭ᠃ | ⑷ ᠬᠦᠮᠦᠨ ᠪᠤᠯᠬᠤ ᠶᠢᠨ ᠦᠨᠳᠦᠰᠦᠨ | ᠦᠵᠦᠮᠦᠴᠢᠨᠴᠤᠳ ᠶᠡᠷᠦ ᠨᠢ ᠬᠡᠤᠬᠡᠳ ᠢ ᠬᠠᠷᠠᠬᠠᠨ ᠪᠠᠭ᠎ᠠ ᠠᠴᠠ ᠨᠢ ᠮᠤᠷᠢ ᠤᠨᠤᠭᠠᠨ ᠳᠤ ᠲᠠᠰᠬᠠᠬᠤ᠂ ᠬᠠᠷᠪᠤᠵᠦ | ᠨᠠᠮᠨᠠᠬᠤ ᠶᠢ ᠮᠡᠳᠡᠭᠦᠯᠬᠦ᠂ ᠪᠦᠭᠡ ᠪᠠᠷᠢᠯᠳᠤᠭᠤᠯᠵᠦ ᠰᠤᠷᠭᠠᠬᠤ᠂ ᠭᠡᠷ ᠤᠨ ᠠᠳᠠᠯ ᠬᠢᠳᠡᠯ ᠢ ᠬᠢᠵᠦ ᠰᠤᠷᠭᠠᠬᠤ ᠵᠡᠷᠭᠡ | ᠶᠠᠪᠤᠳᠠᠯ ᠢ ᠴᠢᠩᠳᠠᠯᠠᠨ ᠠᠩᠬᠠᠷᠴᠤ᠂ ᠬᠤᠶᠢᠴᠢᠰ ᠢᠶᠠᠨ ᠰᠦᠰᠦ ᠵᠤᠷᠢᠭ ᠲᠠᠢ᠂ ᠤᠢ ᠤᠬᠠᠭᠠᠨ ᠰᠠᠶᠢᠨ᠂ ᠠᠵᠢᠯᠴᠢ | ᠬᠦᠳᠡᠯᠮᠦᠷᠢᠴᠢ ᠬᠦᠮᠦᠨ ᠪᠤᠯᠭᠠᠨ ᠬᠦᠮᠦᠵᠢᠭᠦᠯᠬᠦ ᠶᠢ ᠡᠷᠬᠢᠮᠯᠡᠨ᠎ᠡ᠃ | ᠲᠦᠷᠪᠡ ᠲᠠᠪᠤ ᠨᠠᠰᠤᠯᠠᠮᠠᠭᠴᠠ ᠬᠦᠤ ᠪᠢᠴᠢᠬᠠᠨ ︵ᠬᠡᠤᠬᠡᠨ︶ ᠭᠡᠰᠡᠡ ᠦᠭᠡᠢ ᠨᠤᠮᠤᠬᠠᠨ ᠮᠤᠷᠢᠨ ᠳᠡᠭᠡᠷ᠎ᠡ ᠲᠡᠪᠡᠷᠢᠵᠦ | ᠲᠠᠯᠪᠢᠭᠠᠳ ᠡᠮᠡᠭᠡᠯ ᠤᠨ ᠪᠦᠭᠦᠷᠭᠡ ᠠᠴᠠ ᠨᠢ ᠪᠠᠷᠢᠭᠤᠯᠵᠦ᠂ ᠦᠪᠡᠷᠰᠡᠳ ᠢᠶᠠᠨ ᠬᠦᠳᠦᠯᠦᠨ ᠠᠭᠠᠵᠢᠮ ᠶᠠᠪᠤᠭᠤᠯᠵᠦ | ᠲᠠᠰᠬᠠᠭᠰᠠᠨ ᠢᠶᠠᠨ ᠶᠠᠪᠤᠭᠠᠨ ᠳᠠᠭᠠᠨ ᠴᠤᠯᠪᠤᠭᠤᠷ ᠢ ᠨᠢ ᠬᠡᠤᠬᠡᠳ ᠲᠡᠭᠡᠨ ᠦᠭᠴᠤ ᠪᠡᠶ᠎ᠡ ᠠᠴᠠ ᠪᠠᠨ ᠵᠠᠶᠢᠳᠠᠭᠤᠯᠵᠦ | ᠠᠯᠬᠤᠭᠤᠯᠵᠦ ᠰᠤᠷᠭᠠᠳᠠᠭ᠃ ᠦᠷᠯᠦᠭᠡ ᠤᠷᠤᠢ ᠳᠠᠭᠠᠨ ᠮᠤᠷᠢ ᠪᠠᠨ ᠪᠠᠷᠢᠬᠤ ᠪᠤᠶᠤ ᠠᠷᠭᠠᠮᠵᠢᠵᠦ ᠲᠠᠯᠪᠢᠬᠤ ᠳᠠᠭᠠᠨ | ᠬᠡᠤᠬᠡᠳ ᠢᠶᠠᠨ ᠮᠤᠷᠢᠨ ᠳᠡᠭᠡᠷ᠎ᠡ ᠵᠠᠶᠢᠳᠠᠩ ᠤᠨᠤᠭᠤᠯᠵᠦ ᠮᠤᠨᠳᠠᠭ᠎ᠠ ᠠᠴᠠ ᠨᠢ ᠪᠠᠷᠢᠭᠤᠯᠵᠦ ᠲᠠᠭᠠᠭᠤᠯᠤᠨ ᠭᠦᠳᠦᠯᠵᠦ | ᠶᠠᠪᠤᠳᠠᠭ᠃ ᠡᠨᠡ ᠮᠡᠳᠦ ᠪᠠᠷ ᠤᠯᠠᠨ ᠲᠠᠪᠳᠠᠬᠤ ᠳᠤ ᠬᠡᠤᠬᠡᠳ ᠮᠤᠷᠢᠨ ᠳᠠᠭᠠᠨ ᠲᠠᠰᠴᠤ᠂ ᠤᠨᠤᠬᠤ ᠤᠷᠮ᠎ᠠ ᠲᠠᠢ ᠪᠤᠯᠳᠠᠭ᠃ | ᠡᠨᠡ ᠬᠤᠭᠤᠴᠠᠭᠠᠨ ᠳᠤ ᠮᠤᠷᠢ ᠪᠠᠨ ᠲᠦᠷᠦᠭᠡᠯᠡᠵᠦ ᠰᠤᠷᠭᠠᠬᠤ᠂ ᠲᠠᠪᠢᠷᠴᠤ ᠶᠠᠪᠤᠭᠤᠯᠵᠦ ᠰᠤᠷᠭᠠᠬᠤ᠂ ᠵᠢᠯᠤᠭᠤ ᠪᠠᠨ | ᠳᠠᠳᠠᠵᠦ ᠵᠤᠭᠰᠤᠭᠠᠬᠤ ᠵᠡᠷᠭᠡ ᠶᠢ ᠵᠢᠭᠠᠨ᠎ᠡ᠃ | ᠵᠢᠷᠭᠤᠭ᠎ᠠ ᠲᠤᠯᠤᠭᠠᠨ ᠨᠠᠰᠤᠨ ᠳᠤ ᠬᠦᠷᠴᠤ ᠵᠤᠷᠢᠭ ᠨᠢ ᠴᠢᠩᠭᠠᠷᠠᠨ ᠵᠢᠷᠦᠬᠡ ᠨᠢ ᠪᠦᠳᠦᠭᠦᠷᠡᠵᠦ ᠢᠷᠡᠬᠦ ᠳᠤ | ᠠᠰᠳᠠᠭᠠᠨ ᠮᠤᠷᠢ ᠤᠨᠤᠭᠤᠯᠵᠦ᠂ ᠬᠤᠨᠢ ᠮᠠᠯ ᠪᠤᠶᠤ ᠰᠠᠳᠤᠨ ᠲᠦᠷᠦᠯ ᠳᠤᠨᠢ ᠬᠦᠷᠬᠦ ᠪᠠᠷ ᠲᠠᠭᠠᠭᠤᠯᠵᠦ ᠶᠠᠪᠤᠳᠠᠭ᠃ ᠡᠨᠡ | ᠦᠶ᠎ᠡ ᠳᠤ ᠦᠪᠡᠷᠳᠡᠭᠡᠨ ᠮᠤᠷᠳᠡᠵᠦ ᠰᠤᠷᠭᠠᠬᠤ᠂ ᠲᠤᠩᠰᠢᠭᠤᠯᠵᠦ ᠰᠤᠷᠭᠠᠬᠤ᠂ ᠴᠢᠨᠠᠭᠰᠢᠯᠠᠪᠠᠯ ᠴᠤᠭᠬᠢᠭᠤᠯᠵᠦ | ᠲᠠᠪᠬᠢᠭᠤᠯᠵᠦ ᠰᠤᠷᠭᠠᠨᠡ᠂ ᠢᠩᠭᠢᠪᠡᠯ ᠮᠤᠷᠢᠨ ᠳᠤ ᠨᠡᠯᠢᠶᠡᠳ ᠪᠤᠯᠪᠠᠰᠤᠷᠠᠩᠭᠤᠢ ᠪᠤᠯᠴᠢᠬᠠᠳᠠᠭ᠃ | ᠨᠠᠢᠮᠨ ᠶᠢᠰᠦ ᠬᠦᠷᠦᠭᠰᠡᠭᠡᠷ ᠡᠮᠡᠭᠡᠯ ᠲᠠᠢ ᠮᠤᠷᠢ ᠤᠨᠤᠬᠤ ᠳᠤ ᠴᠢᠳᠠᠮᠠᠭᠠᠢ ᠪᠤᠯᠵᠦ ᠭᠠᠭᠴᠠᠭᠠᠷ ᠢᠶᠠᠨ ᠮᠤᠷᠳᠡᠵᠦ | ᠪᠠᠭᠤᠬᠤ᠂ ᠮᠤᠷᠢ ᠪᠠᠨ ᠤᠶᠠᠭᠠᠳ ᠰᠤᠷᠴᠢᠬᠠᠳᠠᠭ ᠪᠦᠭᠡᠳ ᠮᠤᠷᠢ ᠡᠵᠡᠮᠰᠢᠬᠦ ᠴᠢᠳᠠᠯ ᠲᠠᠢ ᠪᠤᠯᠳᠠᠭ ᠮᠦᠷᠳᠡᠭᠡᠨ ᠰᠤᠷᠢᠭᠠᠨ ᠤ | ᠮᠤᠷᠢ ᠤᠨᠤᠵᠦ ᠤᠷᠤᠯᠳᠤᠭᠠᠨ ᠳᠤ ᠤᠷᠤᠯᠴᠠᠬᠤ ᠪᠠᠷ ᠪᠤᠯᠴᠢᠬᠠᠳᠠᠭ᠃ ᠡᠨᠡ ᠦᠶ᠎ᠡ ᠪᠤᠯᠪᠠᠯ ᠬᠡᠤᠬᠡᠳ ᠢ ᠬᠤᠨᠢ ᠬᠦᠳᠡᠯᠭᠡᠬᠦ᠂ | ᠬᠤᠨᠢ ᠡᠷᠭᠢᠬᠦᠯᠬᠦ᠂ ᠲᠤᠭᠤᠯ ᠲᠠᠢ ᠦᠨᠢᠶ᠎ᠡ ᠬᠤᠷᠢᠶᠡᠬᠤ ᠵᠡᠷᠭᠡ ᠤᠶᠢᠷ᠎ᠠ ᠵᠠᠭᠤᠷ᠎ᠠ ᠶᠢᠨ ᠠᠵᠢᠯ ᠳᠤ ᠵᠠᠷᠤᠵᠦ ᠰᠤᠷᠭᠠᠨ᠎ᠠ᠃ | ᠬᠡᠤᠬᠡᠳ ᠢ ᠮᠤᠷᠢ ᠤᠨᠤᠭ᠎ᠠ᠂ ᠠᠵᠢᠯ ᠬᠢᠳᠡᠯ ᠳᠤ ᠵᠠᠷᠤᠬᠤ ᠳᠠᠭᠠᠨ ᠠᠬᠠᠰ ᠵᠠᠬᠠᠰ ᠨᠢ ᠢᠮᠠᠭᠳᠠ ︽ᠢᠩᠬᠢᠵᠦ ᠬᠢ᠂ | ᠴᠢᠩᠬᠢᠵᠦ ᠶᠠᠪᠤ︾᠂ ︽ᠡᠭᠦᠨ ᠢ ᠨᠢ ᠬᠢᠴᠢᠶᠡ᠂ ᠲᠡᠭᠦᠨ ᠢ ᠨᠢ ᠠᠩᠬᠠᠷ︾ ᠭᠡᠵᠦ ᠦᠢᠯᠡ ᠶᠠᠪᠤᠳᠠᠯ ᠢ ᠰᠤᠷᠭᠠᠬᠤ | ᠠᠳᠠᠯ᠎ᠠ ᠪᠠᠨ ᠪᠠᠰᠠ ᠵᠢᠮ᠎ᠡ ᠭᠤᠷᠢᠮ ᠢ ᠨᠢ ᠦᠷᠭᠦᠯᠵᠢ ᠵᠢᠭᠠᠵᠦ ᠡᠵᠡᠮᠰᠢᠭᠦᠯᠤᠨ᠎ᠠ᠃ | ᠮᠠᠯᠴᠢᠨ ᠬᠡᠤᠬᠡᠳ ᠲᠤᠮᠤᠷᠠᠬᠤ ᠲᠤᠰᠤᠮ ᠢᠶᠠᠨ ᠮᠤᠷᠢᠨ ᠤ ᠶᠠᠪᠤᠳᠠᠯ ᠢ ᠡᠵᠡᠮᠰᠢᠬᠦ ᠪᠤᠯᠵᠦ᠂ ᠮᠤᠷᠢᠨ ᠤ ᠦᠢᠯᠡ ᠶᠢ | ᠡᠵᠡᠮᠰᠢᠬᠦ ᠲᠤᠰᠤᠮ ᠢᠶᠠᠨ ᠮᠠᠯᠵᠢᠬᠤ ᠦᠢᠯᠡ ᠶᠠᠪᠤᠳᠠᠯ ᠢ ᠲᠡᠳᠦᠢ ᠬᠢᠵᠦ ᠮᠡᠳᠡᠬᠦ ᠪᠤᠯᠵᠦ ᠪᠤᠯᠪᠠᠰᠤᠷᠠᠳᠠᠭ᠃ ᠮᠡᠯᠴᠢᠨ | ᠬᠡᠤᠬᠡᠳ ᠠᠷᠪᠠ ᠭᠠᠷᠪᠠᠯ ᠪᠠᠷᠤᠭᠳᠠᠢ ᠨᠤᠮᠤᠬᠠᠨ ᠮᠤᠷᠢᠳ ᠢ ᠤᠨᠤᠵᠦ ᠡᠳ᠋ᠯᠡᠬᠦ ᠪᠠᠷ ᠪᠤᠯᠴᠢᠬᠠᠳᠠᠭ ᠪᠤᠯᠬᠤᠷ ᠨᠤᠭᠳᠤ ᠬᠠᠵᠠᠭᠠᠷ | ᠵᠠᠩᠭᠢᠳᠴᠤ ᠡᠮᠡᠭᠡᠯ ᠵᠢᠮᠰᠡᠭ ᠵᠠᠰᠠᠵᠦ ᠦᠭᠬᠦ᠂ ᠮᠤᠷᠢ ᠪᠠᠷᠢᠵᠦ ᠦᠭᠭᠦᠨ ᠲᠤᠰᠠᠭᠠᠷ ᠨᠢ ᠡᠵᠡᠮᠰᠢᠭᠦᠯᠵᠦ᠂ ᠮᠤᠷᠢ ᠪᠠᠨ | ᠦᠷᠯᠦᠭᠡ ᠦᠳᠡᠰᠢ ᠪᠠᠷᠢᠵᠦ ᠳᠠᠯᠪᠢᠬᠤ᠂ ᠡᠮᠡᠭᠡᠯ ᠢᠶᠠᠨ ᠲᠤᠬᠤᠵᠦ ᠤᠯᠤᠩ ᠴᠢᠪᠢᠯᠠᠭᠤᠷ ᠢᠶᠠᠨ ᠴᠢᠩᠭᠠᠯᠠᠵᠦ ᠴᠢᠳᠠᠬᠤ ᠪᠠᠷ | ᠪᠤᠯᠴᠢᠬᠠᠨ᠎ᠠ᠃ | ᠡᠭᠦᠨ ᠠᠴᠠ ᠡᠬᠢᠯᠡᠵᠦ᠂ ᠬᠤᠨᠢᠨ ᠳᠤ ᠶᠠᠪᠤᠬᠤ᠂ ᠦᠬᠡᠷ ᠬᠤᠷᠢᠶᠠᠬᠤ ᠵᠡᠷᠭᠡ ᠮᠠᠯᠵᠢᠬᠤ ᠦᠢᠯᠡᠳᠪᠤᠷᠢᠯᠡᠯ ᠤᠨ | ᠠᠵᠢᠯ ᠳᠤ ᠤᠷᠤᠯᠴᠠᠨ᠂ ᠮᠠᠯᠵᠢᠯᠭ᠎ᠠ ᠶᠢᠨ ᠮᠡᠳᠡᠯᠭᠡ ᠶᠢ ᠪᠠᠭ᠎ᠠ ᠠᠴᠠ ᠪᠠᠨ ᠡᠵᠡᠮᠰᠢᠵᠦ ᠡᠬᠢᠯᠡᠨ᠎ᠡ᠃ ᠬᠦᠤᠴᠤᠤᠯ ᠪᠤᠯ ᠴᠢᠳᠠᠯ | ᠬᠦᠴᠦᠨ ᠨᠡᠮᠡᠭᠳᠡᠬᠦ ᠲᠤᠳᠤᠮ ᠡᠮᠨᠢᠭ ᠲᠤᠭᠰᠢᠨ ᠲᠠᠢ ᠨᠤᠴᠤᠯᠳᠤᠨ ᠡᠷ᠎ᠡ ᠴᠢᠳᠠᠯ ᠢᠶᠠᠷ ᠢᠶᠠᠨ ᠰᠤᠷᠭᠠᠬᠤ ᠪᠤᠶᠤ ᠴᠢᠨᠠᠭᠰᠢᠯᠠᠪᠠᠯ | ᠮᠤᠷᠢ ᠲᠠᠪᠬᠢᠭᠤᠯᠤᠨ ᠮᠤᠷᠢ ᠤᠷᠭᠠᠯᠠᠵᠦ ᠰᠤᠷᠳᠠᠭ ᠢᠶᠠᠷ ᠤᠨᠤᠬᠤ ᠮᠤᠷᠢ᠂ ᠤᠷᠭᠠᠨ ᠮᠤᠷᠢ ᠲᠠᠢ ᠪᠤᠯᠵᠦ᠂ ᠠᠳᠤᠭᠤ ᠮᠠᠯ ᠢ | ᠪᠡᠶ᠎ᠡ ᠪᠠᠨ ᠲᠠᠭᠠᠭᠠᠵᠦ ᠰᠠᠨᠠᠭᠠᠨ ᠲᠡᠪᠡ ᠢᠶᠠᠷ ᠢᠶᠠᠨ ᠡᠵᠡᠮᠳᠡᠵᠦ ᠴᠢᠳᠠᠬᠤ ᠪᠤᠯᠳᠠᠭ᠃ | ᠬᠡᠤᠬᠡᠳ ᠢ ᠪᠠᠭ᠎ᠠ ᠠᠴᠠ ᠨᠢ ᠠᠵᠢᠯ ᠬᠦᠳᠡᠯᠮᠦᠷᠢ ᠳᠤ ᠤᠷᠤᠯᠴᠠᠭᠤᠯᠤᠨ ᠰᠤᠷᠭᠠᠳᠠᠭ᠂ ᠤᠩᠭᠠᠰᠤ ᠲᠡᠭᠦᠯᠭᠡᠬᠦ᠂ | ᠬᠦᠯᠳᠡᠭᠦᠰᠦ ᠤᠪᠤᠭᠠᠯᠠᠬᠤ᠂ ᠬᠤᠨᠢ ᠵᠤᠯᠭᠤᠭᠠᠬᠤ ᠢᠮᠠᠭ᠎ᠠ ᠰᠠᠮᠨᠠᠭᠤᠯᠬᠤ᠂ ᠤᠶᠢᠷᠠᠯᠴᠠᠭ᠎ᠠ ᠬᠤᠨᠢᠨ ᠳᠤ ᠭᠦᠶᠦᠯᠭᠡᠬᠦ᠂ | ᠲᠤᠭᠤᠯ ᠬᠠᠷᠢᠭᠤᠯᠵᠦ ᠤᠰᠤᠯᠠᠬᠤ᠂ ᠦᠨᠢᠶ᠎ᠡ ᠬᠤᠷᠢᠶᠡᠵᠦ ᠢᠷᠡᠭᠦᠯᠬᠦ᠂ ᠮᠤᠷᠢ ᠪᠠᠷᠢᠭᠤᠯᠬᠤ᠂ ᠮᠠᠯ ᠵᠢᠰᠦᠯᠡᠭᠦᠯᠬᠦ᠂ ᠨᠡᠩ | ᠡᠮᠡᠭᠳᠡᠢ ᠬᠡᠤᠬᠡᠳ ᠪᠤᠯ ᠬᠤᠨᠢ ᠢᠮᠠᠭ᠎ᠠ ᠲᠠᠳᠠᠬᠤ᠂ ᠦᠨᠢᠶ᠎ᠡ ᠲᠤᠭᠤᠯ ᠢᠪᠢᠯᠭᠡᠵᠦ ᠰᠠᠭᠠᠬᠤ᠂ ᠬᠤᠷᠠᠭ᠎ᠠ ᠢᠰᠢᠭᠡ | ᠤᠭᠵᠢᠳᠠᠬᠤ᠂ ᠦᠢᠯᠡ ᠤᠶᠤᠳᠠᠯ ᠰᠤᠷᠭᠠᠬᠤ ᠵᠡᠷᠭᠡ ᠦᠢᠯᠡᠳᠪᠦᠷᠢᠯᠡᠯ ᠠᠮᠢᠳᠤᠷᠠᠯ ᠤᠨ ᠠᠵᠢᠯᠯᠠᠭᠠᠨ ᠳᠤ ᠤᠷᠤᠯᠴᠠᠬᠤ ᠪᠠᠷ | ᠳᠠᠮᠵᠢᠨ ᠭᠡᠷ ᠤᠨ ᠬᠦᠮᠦᠰ ᠤᠨ ᠬᠦᠮᠦᠵᠢᠯ ᠢᠶᠠᠷ ᠰᠤᠷᠴᠤ ᠡᠬᠢᠯᠡᠨ ᠡᠵᠡᠮᠰᠢᠳᠡᠭ᠃ ᠡᠭᠦᠨ ᠢᠶᠠᠷ ᠪᠠᠷᠠᠬᠤ ᠦᠭᠡᠢ | ᠬᠦᠤᠴᠤᠤᠯ ᠢ ᠪᠠᠭ᠎ᠠ ᠠᠴᠠ ᠨᠢ ᠪᠦᠬᠡ ᠪᠠᠷᠢᠯᠳᠤᠨ ᠴᠢᠳᠠᠯ ᠬᠦᠴᠦᠨ ᠢᠶᠠᠨ ᠮᠦᠷᠦᠶᠢᠴᠡᠬᠦ ᠶᠢ ᠰᠤᠷᠭᠠᠵᠦ᠂ ᠬᠤᠭᠤᠷᠤᠨᠳᠤ ᠨᠢ | ᠪᠠᠷᠢᠯᠳᠤᠭᠤᠯᠬᠤ᠂ ᠬᠤᠨᠢ ᠮᠠᠯ ᠳᠤ ᠶᠠᠪᠤᠬᠤ ᠳᠠᠭᠠᠨ ᠪᠠᠷᠢᠯᠳᠤᠵᠦ ᠪᠤᠯᠪᠠᠰᠤᠷᠠᠬᠤ᠂ ᠶᠡᠬᠡᠰ ᠠᠴᠠ ᠲᠦᠬᠦᠮ ᠠᠷᠭ᠎ᠠ ᠮᠡᠷᠭᠡᠵᠢᠯ | ᠵᠢᠭᠠᠵᠦ ᠦᠭᠬᠦ᠂ ᠴᠢᠨᠠᠭᠰᠢᠯᠠᠪᠠᠯ ᠪᠦᠬᠡ ᠶᠢᠨ ᠪᠤᠯᠪᠠᠰᠤᠷᠠᠯ ᠳᠤ ᠶᠠᠪᠤᠭᠤᠯᠵᠦ ᠨᠠᠶᠢᠷ ᠲᠤ ᠤᠷᠤᠭᠤᠯᠤᠨ ᠤᠶᠤᠨ ᠤᠬᠠᠭᠠᠨ | ᠴᠢᠳᠠᠯ ᠬᠦᠴᠦᠨ ᠲᠠᠢ ᠪᠤᠯᠭᠠᠨ ᠬᠦᠮᠦᠵᠢᠭᠦᠯᠳᠡᠭ ᠤᠴᠢᠷ ᠲᠠᠢ᠃ | ᠨᠡᠭᠦᠳᠡᠯ ᠮᠠᠯᠵᠢᠯ ᠤᠨ ᠤᠨᠴᠠᠭᠠᠢ ᠦᠢᠯᠡ ᠠᠵᠢᠯᠯᠠᠭᠠᠨ ᠠᠴᠠ ᠪᠤᠯᠵᠦ᠂ ᠡᠷᠡᠭᠳᠡᠢ ᠡᠮᠡᠭᠳᠡᠢ ᠶᠢᠨ ᠠᠵᠢᠯ ᠤᠨ | ᠬᠤᠪᠢᠶᠠᠷᠢ ᠠᠳᠠᠯᠢ ᠦᠭᠡᠢ ᠪᠠᠶᠢᠳᠠᠭ᠃ ᠤᠯᠠᠩᠬᠢ ᠳᠠᠭᠠᠨ ᠬᠦᠤᠴᠤᠤᠯ ᠢ ᠭᠡᠷ ᠤᠨ ᠭᠠᠳᠠᠨᠠᠬᠢ ᠠᠵᠢᠯ ᠳᠤ ᠭᠤᠤᠯᠳᠠᠭᠤᠯᠵᠦ᠂ | ᠮᠠᠯ ᠬᠠᠷᠢᠭᠤᠯᠬᠤ᠂ ᠡᠮᠨᠢᠭ ᠲᠤᠭᠰᠢᠨ ᠰᠤᠷᠭᠠᠬᠤ᠂ ᠰᠤᠷ ᠡᠯᠳᠡᠬᠦ᠂ ᠮᠤᠷᠢᠨ ᠤ ᠡᠳ᠋ᠯᠡᠯ ᠬᠢᠬᠦ᠂ ᠠᠯᠠᠵᠦ ᠨᠢᠳᠤᠯᠠᠬᠤ᠂ ᠠᠶᠠᠨ | ᠲᠠᠷᠠᠨ ᠳᠤ ᠶᠠᠪᠤᠬᠤ ᠵᠡᠷᠭᠡ ᠴᠢᠳᠠᠯ ᠬᠦᠴᠦ ᠬᠡᠷᠡᠭᠰᠡᠬᠦ ᠠᠵᠢᠯ ᠳᠤ ᠤᠷᠤᠯᠴᠠᠭᠤᠯᠤᠨ᠂ ᠬᠡᠤᠬᠡᠨᠴᠤᠤᠯ ᠢ ᠭᠡᠷ ᠲᠤᠲᠤᠷᠠᠬᠢ | ᠠᠵᠢᠯ ᠳᠤ ᠭᠤᠤᠯᠳᠠᠭᠤᠯᠵᠦ᠂ ᠦᠢᠯᠡ ᠤᠶᠤᠳᠠᠯ ᠰᠤᠷᠭᠠᠬᠤ᠂ ᠭᠡᠷ ᠴᠡᠪᠡᠷᠯᠡᠬᠦ᠂ ᠬᠤᠭᠤᠯᠠ ᠴᠠᠢ ᠪᠡᠯᠡᠳᠦᠬᠦ᠂ ᠠᠷᠭᠠᠯ ᠤᠰᠤ | ᠤᠷᠤᠭᠤᠯᠬᠤ᠂ ᠦᠨᠢᠶ᠎ᠡ ᠰᠠᠭᠠᠬᠤ᠂ ᠴᠠᠭᠠᠨ ᠢᠳᠡᠭᠡᠨ ᠪᠤᠯᠪᠠᠰᠤᠷᠠᠭᠤᠯᠬᠤ ᠵᠡᠷᠭᠡ ᠬᠦᠴᠦ ᠬᠦᠩᠭᠡᠨ ᠭᠡᠷ ᠤᠨ ᠲᠤᠳᠤᠭᠠᠳᠤ | ᠠᠵᠢᠯ ᠳᠤ ᠲᠠᠰᠬᠠᠳᠠᠭ᠃ | ᠭᠤᠷᠪᠠ᠂ ᠲᠤᠤᠯᠢ ᠶᠢᠨ ᠲᠠᠩᠰᠤᠭ ᠦᠵᠦᠮᠦᠴᠢᠨ | ⒈ ᠠᠬᠠᠮᠠᠳ ᠤᠨ ᠠᠯᠳᠠᠨ ᠰᠤᠷᠭᠠᠯ | ᠪᠠᠭ᠎ᠠ ᠪᠠᠶᠢᠬᠤ ᠳᠤ ᠪᠢ ᠡᠪᠦᠭᠡᠳ ᠪᠤᠭᠤᠷᠤᠯ ᠠᠴᠠ ᠦᠯᠢᠭᠡᠷ ᠲᠤᠮᠤᠭ᠂ ᠤᠨᠢᠰᠤᠭ᠎ᠠ ᠲᠠᠭᠠᠪᠤᠷᠢ᠂ ᠦᠤᠬᠡ ᠲᠡᠤᠬᠡ | ᠰᠤᠨᠤᠰᠬᠤ ᠲᠤᠷᠠᠳᠠᠢ᠂ ᠵᠤᠨ ᠨᠠᠮᠤᠷ ᠤᠨ ᠴᠠᠭ ᠲᠤ᠂ ᠴᠡᠴᠡᠭ ᠤᠨ ᠲᠤᠮᠳᠠ ᠡᠷᠪᠡᠭᠡᠢ ᠬᠦᠭᠡᠴᠡᠯᠳᠤᠨ ᠴᠠᠷᠴᠠᠬᠠᠢ | ᠲᠤᠭᠤᠬᠤ ᠪᠠᠷ ᠵᠤᠭ᠎ᠠ ᠪᠤᠯᠭᠠᠵᠦ ᠨᠠᠭᠠᠳᠤᠳᠠᠭ ᠪᠠᠶᠢᠭᠰᠠᠨ ᠳ᠋ᠠ᠃ ᠡᠭᠦᠨ ᠳᠤ ᠠᠬᠠᠮᠠᠳ ᠨᠠᠷ ᠠᠴᠠ᠄ ︽ᠲᠠᠨᠠᠷ᠂ ᠬᠠᠷᠢᠨ | ᠬᠡᠬᠡᠷ᠎ᠡ ᠶᠠᠪᠤᠬᠤ ᠳᠠᠭᠠᠨ ᠰᠢᠪᠠᠭᠤ ᠶᠢᠨ ᠦᠨᠳᠡᠭᠡ ᠶᠢ ᠬᠠᠭᠠᠯᠵᠦ ᠪᠤᠯᠬᠤ ᠦᠭᠡᠢ ᠮᠦᠷᠳᠡᠭᠡᠨ ᠰᠡᠭᠦᠳᠡᠷ ᠢᠶᠠᠨ ᠴᠤ ᠲᠤᠰᠬᠠᠵᠦ | ᠪᠤᠯᠬᠤ ᠦᠭᠡᠢ᠂ ᠲᠤᠰᠬᠠᠪᠠᠯ ᠦᠨᠳᠡᠭᠡ ᠦᠭᠦᠴᠢᠭᠡᠨᠡ᠂ ᠨᠢᠭᠦᠯ ᠪᠤᠯᠤᠨ᠎ᠠ ᠰᠢᠤ᠂ ᠲᠤᠭᠤᠷᠤᠤ ᠶᠢᠨ ᠦᠨᠳᠡᠭᠡ ᠶᠢ ᠬᠠᠭᠠᠯᠪᠠᠯ | ᠬᠠᠷᠢᠶᠠᠯ ᠢᠷᠡᠨ᠎ᠡ᠂ ᠡᠯᠢᠶ᠎ᠡ ᠶᠢᠨ ᠦᠨᠳᠡᠭᠡ ᠶᠢ ᠬᠠᠭᠠᠯᠪᠠᠯ ᠪᠤᠵᠠᠷ ᠢᠷᠡᠨ᠎ᠡ︾ ᠭᠡᠬᠦ ᠮᠡᠳᠦ ᠪᠠᠷ ᠠᠶᠤᠯᠭᠠᠳᠠᠭ ᠢᠶᠠᠷ ᠪᠢᠳᠡ | ᠲᠤᠩ ᠬᠢᠴᠢᠶᠡᠵᠦ᠂ ᠪᠢᠯᠵᠤᠤᠬᠠᠢ ᠶᠢᠨ ᠦᠨᠳᠡᠭᠡ ᠶᠢ ᠨᠠᠷᠠᠨ ᠲᠠᠯ᠎ᠠ ᠠᠴᠠ ᠨᠢ ᠢᠷᠡᠵᠦ ᠰᠤᠨᠢᠷᠬᠠᠳᠠᠭ ᠶᠤᠮᠰᠠᠨ᠃ | ᠬᠦᠳᠡᠭᠡ ᠶᠢᠨ ᠠᠶᠢᠯ ᠶᠡᠷᠦ ᠨᠢ ᠬᠡᠤᠬᠡᠳ ᠪᠠᠭᠠᠴᠦᠳ ᠲᠠᠭᠠᠨ ᠦᠯᠢᠭᠡᠷ ᠬᠡᠯᠡᠵᠦ ᠦᠭᠬᠦ ᠪᠠ ᠤᠨᠢᠰᠤᠭ᠎ᠠ ᠲᠠᠭᠠᠯᠭᠠᠵᠦ | ᠤᠶᠤᠨ ᠢ ᠨᠢ ᠨᠡᠭᠡᠭᠡᠯᠭᠡᠬᠦ ᠵᠠᠩᠰᠢᠯ ᠲᠠᠢ᠂ ᠬᠠᠪᠤᠷ ᠤᠨ ᠨᠢᠭᠡᠨ ᠤᠷᠤᠢ ᠪᠢ ᠠᠪᠠᠭ᠎ᠠ ᠠᠪᠤ ᠶᠢᠨ ᠳᠠᠭᠠᠨ ᠬᠤᠨᠤᠬᠤ ᠳᠤ᠂ | ᠡᠵᠢ ᠠᠴᠠ᠄ ︽ᠵᠠ᠂ ᠬᠤᠨᠤᠴᠢ ᠬᠦᠮᠦᠨ ᠠᠶᠢᠯ ᠳᠤ ᠬᠤᠨᠤᠪᠠᠯ ᠬᠤᠶᠠᠷ ᠦᠯᠢᠭᠡᠷ ᠬᠤᠷᠢᠨ ᠤᠨᠢᠰᠤᠭ᠎ᠠ ᠬᠡᠯᠡᠳᠡᠭ ᠶᠤᠮ ᠡ᠂ | ᠴᠢ ᠤᠷᠤᠢ ᠤᠨᠢᠰᠤᠭ᠎ᠠ ᠬᠡᠯᠡᠨ᠎ᠡ ᠰᠢᠤ︾ ᠭᠡᠵᠦ ᠨᠠᠮᠠᠶᠢ ᠵᠢᠳᠭᠦᠭᠦᠯᠦᠨ ᠦᠭᠦᠭᠡᠷᠳᠡᠨᠡ᠂ ᠪᠢ ᠲᠡᠷᠡ ᠦᠶ᠎ᠡ ᠶᠠᠭᠤ ᠴᠤ | ᠮᠡᠳᠡᠬᠦ ᠦᠭᠡᠢ ᠪᠠᠶᠢᠯ᠎ᠠ᠂ ᠤᠷᠤᠢ ᠬᠡᠪᠳᠡᠭᠰᠡᠨ ᠤ ᠲᠠᠷᠠᠭ᠎ᠠ ᠠᠪᠠᠭ᠎ᠠ ᠠᠪᠤ ᠠᠴᠠ᠄ ︽ᠭᠤᠷᠪᠠᠨ ᠨᠠᠰᠤᠳᠠᠢ ᠭᠤᠨᠠᠭᠠᠨ ᠤᠯᠠᠭᠠᠨ | ᠪᠠᠭᠠᠳᠤᠷ︾ ᠭᠡᠬᠦ ᠮᠠᠩᠭᠤᠰ ᠢ ᠲᠠᠷᠤᠵᠦ ᠠᠷᠠᠳ ᠤᠯᠠᠨ ᠢᠶᠠᠨ ᠠᠪᠤᠷᠠᠭᠰᠠᠨ ᠦᠯᠢᠭᠡᠷ ᠢ ᠶᠠᠷᠢᠵᠦ ᠦᠭᠭᠦᠭᠰᠡᠨ ᠢᠶᠠᠨ᠄ ︽ᠵᠠ᠂ | ᠤᠳᠤ ᠬᠡᠨ ᠤᠨᠢᠰᠤᠭ᠎ᠠ ᠬᠡᠯᠡᠬᠦ ᠪᠤᠢ︖︾ ᠭᠡᠬᠦ ᠳᠤ ᠠᠪᠠᠭ᠎ᠠ ᠡᠭᠡᠴᠢ ᠠᠴᠠ᠄ ︽ᠤᠭᠤᠳᠠ ᠲᠦᠭᠦᠷᠡᠩ ᠤᠯᠠᠭᠠᠨ ᠱᠠᠭ᠎ᠠ | ᠂ ᠲᠡᠷᠡ ᠶᠠᠭᠤ ᠪᠤᠢ︖︾ ᠭᠡᠬᠦ ᠳᠤ ᠤᠯᠠᠨ ᠢᠶᠠᠷ ︽ᠲᠤᠯᠭ᠎ᠠ ᠶᠢᠨ ᠭᠠᠯ︾ ᠭᠡᠵᠦ ᠪᠤᠯᠢᠶᠠᠯᠳᠤᠨ ᠲᠠᠶᠢᠯᠤᠨ᠎ᠠ᠂ ︽ | ᠬᠠᠭᠠᠯᠭ᠎ᠠ ᠶᠢᠨ ᠠᠷᠤ ᠳᠤ ᠬᠠᠩᠬᠢᠷ ᠵᠢᠩᠭᠡᠷ ︵ᠬᠠᠵᠠᠭᠠᠷ ᠨᠤᠭᠳᠤ︶︾᠂ ︽ᠡᠳᠦᠷ ᠭᠤᠷᠪᠠᠯᠵᠢᠨ ᠰᠦᠨᠢ ᠲᠦᠷᠪᠡᠯᠵᠢᠨ ︵ | ᠭᠡᠷ ᠤᠨ ᠡᠷᠦᠬᠡ︶︾ ᠭᠡᠬᠦ ᠮᠡᠳᠦ ᠢᠶᠠᠷ ᠬᠤᠷᠢ ᠭᠠᠷᠤᠢ ᠤᠨᠢᠰᠤᠭ᠎ᠠ ᠪᠤᠯᠢᠶᠡᠯᠳᠤᠨ ᠬᠡᠯᠡᠵᠦ ᠪᠤᠯᠢᠶᠠᠯᠳᠤᠨ ᠬᠠᠷᠢᠭᠤᠯᠵᠦ ᠭᠦᠷ | ᠬᠦᠭᠵᠢᠶᠡᠨ ᠲᠠᠢ ᠬᠤᠨᠤᠭᠯᠠᠭᠰᠠᠨ ᠪᠢᠯᠡ᠂ ᠲᠡᠭᠦᠨ ᠠᠴᠠ ᠬᠤᠶᠢᠰᠢ ᠪᠢ ᠴᠤ ᠬᠡᠳᠦᠨ ᠤᠨᠢᠰᠤᠭ᠎ᠠ ᠴᠡᠭᠡᠵᠢᠯᠡᠭᠡᠳ ︽ | ᠤᠶᠤᠨ ᠤ ᠤᠷᠤᠯᠳᠤᠭᠠᠨ︾ ᠳᠤ ᠢᠳᠡᠪᠬᠢᠯᠡᠨ ᠤᠷᠤᠯᠴᠠᠳᠠᠭ ᠪᠤᠯᠤᠭᠰᠠᠨ ᠶᠤᠮ᠃ | ᠨᠡᠭᠦᠳᠡᠯ ᠮᠠᠯᠵᠢᠯ ᠤᠨ ᠴᠠᠭ ᠦᠶ᠎ᠡ ᠶᠢᠨ ᠡᠪᠦᠭᠡᠳ ᠪᠤᠭᠤᠷᠤᠯ ᠤᠳ ᠭᠡᠵᠦ ᠪᠦᠷ ᠦᠯᠢᠭᠡᠷ ᠲᠤᠤᠯᠢ ᠶᠢᠨ ᠲᠠᠯᠠᠢ | ᠪᠠᠶᠢᠭᠰᠠᠨ ᠶᠤᠮ᠃ ᠡᠪᠦᠯ ᠤᠨ ᠨᠢᠭᠡᠨ ᠤᠷᠤᠢ ᠡᠪᠦᠭᠡ ᠮᠠᠨᠢ ᠮᠤᠷᠢ ᠲᠠᠯᠪᠢᠬᠤ ᠪᠠᠷ ᠨᠠᠮᠠᠶᠢ ᠲᠠᠭᠠᠭᠤᠯᠤᠨ ᠠᠷᠭᠠᠮᠵᠢᠶ᠎ᠠ ᠪᠠᠨ | ᠠᠪᠴᠤ ᠶᠠᠪᠤᠯ᠎ᠠ᠂ ᠨᠠᠰᠤᠳᠠᠨ ᠮᠤᠷᠢᠨ ᠤ ᠪᠠᠨ ᠡᠮᠡᠭᠡᠯ ᠢ ᠠᠪᠤᠭᠠᠳ᠂ ᠡᠮᠡᠭᠡᠯ ᠤᠨ ᠪᠦᠭᠦᠷᠭᠡ ᠶᠢ ᠪᠠᠷᠠᠭᠤᠨ ᠬᠤᠶᠢᠰᠢ | ᠬᠠᠨᠳᠤᠭᠤᠯᠤᠨ ᠶᠠᠩᠵᠤᠯᠠᠬᠤ ᠶᠤᠮ᠂ ᠡᠭᠦᠨ ᠳᠤ ᠪᠢ᠄ ︽ᠶᠠᠭᠤᠨ ᠳᠤ ᠡᠮᠡᠭᠡᠯ ᠢᠶᠠᠨ ᠢᠩᠭᠢᠵᠦ ᠲᠠᠯᠪᠢᠬᠤ ᠪᠤᠢ︖︾ | ᠭᠡᠪᠡᠯ᠄ ︽ᠡᠨᠡ ᠪᠤᠯ ᠶᠡᠭᠡ ᠤᠴᠢᠷ ᠲᠠᠢ ᠰᠢᠤ᠂ ᠮᠠᠨ ᠤ ᠦᠵᠦᠮᠦᠴᠢᠨ ᠠᠶᠢᠮᠠᠭ ᠶᠡᠭᠡ ᠡᠷᠳᠡ ᠪᠠᠷᠠᠭᠤᠨ ᠬᠤᠶᠢᠳᠦ | ᠵᠦᠭ ᠠᠴᠠ ᠨᠡᠭᠦᠵᠦ ᠢᠷᠡᠯ᠎ᠡ ᠭᠡᠳᠡᠭ ᠶᠤᠮ ᠡ᠂ ᠢᠩᠭᠢᠭᠡᠳ ᠤᠤᠭᠠᠯ ᠨᠤᠲᠤᠭ ᠤᠰᠤᠨ ᠳᠠᠭᠠᠨ ᠪᠤᠴᠠᠬᠤ ᠶᠢ ᠪᠡᠯᠭᠡᠳᠡᠵᠦ | ᠢᠩᠬᠢᠵᠦ ᠲᠠᠯᠪᠢᠳᠠᠭ᠂ ᠡᠭᠦᠨ ᠢ ᠵᠠᠪᠠᠯ ᠮᠡᠳᠡᠵᠦ ᠠᠪᠬᠤ ᠶᠤᠮ ᠰᠢᠤ︾ ᠭᠡᠵᠦ ᠡᠪᠦᠭᠡ ᠮᠠᠨᠢ ᠮᠠᠰᠢ ᠬᠢᠨᠠᠮᠠᠭᠠᠢ ᠰᠤᠷᠭᠠᠯ | ᠬᠠᠶᠢᠷᠠᠯᠠᠨᠡ᠃ ᠮᠤᠷᠢ ᠪᠠᠨ ᠠᠷᠭᠠᠮᠵᠢᠭᠠᠳ ᠭᠡᠷ ᠲᠤ ᠤᠷᠤᠬᠤ ᠳᠤ ᠡᠵᠢ ᠮᠢᠨᠢ ᠲᠤᠭᠤᠭ᠎ᠠ ᠳᠤ ᠮᠢᠬ᠎ᠠ ᠴᠢᠨᠠᠭᠰᠠᠨ | ᠪᠤᠴᠠᠯᠭᠠᠵᠦ ᠪᠠᠶᠢᠪᠠ᠂ ᠱᠦᠯᠦ ᠪᠤᠴᠠᠯᠤᠭᠠᠳ ᠠᠰᠬᠠᠯᠠᠬᠤ ᠳᠤ ᠪᠢ ᠲᠤᠭᠤᠭ᠎ᠠ ᠶᠢᠨ ᠵᠦᠭ ᠬᠠᠷᠠᠪᠠᠯ ᠪᠠᠷᠠᠭᠤᠨ ᠬᠤᠶᠢᠰᠢ | ᠬᠢᠯᠵᠡᠶᠢᠭᠰᠡᠨ ᠪᠠᠶᠢᠪᠠ᠂ ᠡᠭᠦᠨ ᠳᠤ ᠪᠢ᠄ ︽ᠡᠵᠢ ᠡ᠂ ᠴᠢ ᠲᠤᠭᠤᠭ᠎ᠠ ᠪᠠᠨ ᠲᠡᠭᠰᠢ ᠲᠠᠯᠪᠢᠭᠰᠠᠨ ᠦᠭᠡᠢ ᠰᠢᠳᠡ︕︾ | ᠭᠡᠬᠦ ᠳᠤ᠄ ︽ᠪᠠᠶᠠᠵᠢᠬᠤ ᠠᠶᠢᠯ ᠤᠨ ᠲᠤᠭᠤᠭ᠎ᠠ ᠪᠠᠷᠠᠭᠤᠨ ᠬᠤᠶᠢᠰᠢ ᠪᠠᠨ ᠭᠡᠯᠳᠡᠭᠡᠢ ᠭᠡᠳᠡᠭ ᠶᠤᠮ᠂ ᠲᠡᠭᠡᠳᠦ ᠶᠢᠨ | ᠨᠤᠲᠤᠭ ᠤᠨ ᠪᠤᠶᠠᠨ ᠢᠶᠠᠨ ᠬᠤᠷᠢᠶᠠᠵᠦ ᠪᠠᠶᠢᠬᠤ ᠨᠢ ᠲᠡᠷᠡ ᠶᠤᠮ ᠭᠡᠵᠦ ᠪᠤᠭᠤᠷᠤᠯ ᠤᠳ ᠴᠢᠨᠢ ᠰᠤᠷᠭᠠᠳᠠᠭ ᠪᠠᠶᠢᠭᠰᠠᠨ᠂ | ᠲᠡᠭᠡᠭᠡᠳ ᠪᠢ ᠴᠤ ᠪᠠᠰᠠ ᠢᠩᠬᠢᠵᠦ ᠲᠠᠯᠪᠢᠭᠠᠳ ᠵᠠᠩᠰᠢᠴᠢᠬᠠᠵᠠᠢ᠂ ᠡᠭᠦᠨ ᠢ ᠬᠤᠵᠢᠮ ᠡᠬᠡᠨᠡᠷ ᠠᠪᠤᠪᠠᠯ ᠰᠠᠶᠢᠨ ᠬᠡᠯᠡᠵᠦ | ᠦᠭ︕︾ ᠭᠡᠵᠦ ᠨᠤᠮᠯᠠᠬᠤ ᠳᠤ ᠪᠢ ᠲᠤᠯᠤᠭᠠᠢ ᠲᠤᠬᠢᠨ ᠰᠤᠨᠢᠷᠬᠠᠨ ᠰᠤᠨᠤᠰᠴᠤ ᠠᠪᠴᠤ ᠪᠢᠯᠡ᠂ ᠤᠳᠤ ᠨᠢᠭᠡ | ᠪᠤᠳᠤᠬᠤ ᠳᠤ ᠦᠵᠦᠮᠦᠴᠢᠨ ᠤ ᠭᠡᠷ ᠪᠦᠯᠢ ᠶᠢᠨ ᠵᠠᠩ ᠦᠢᠯᠡ ᠨᠢ ᠪᠦᠷ ᠯᠡ ᠶᠤᠰᠤ ᠭᠤᠷᠢᠮ ᠲᠠᠢ᠂ ᠬᠦᠮᠦᠰ ᠤᠨ ᠬᠢᠨᠢ ᠵᠠᠩ | ᠲᠠᠳᠬᠠᠯ ᠵᠠᠩ ᠦᠢᠯᠡ ᠶᠢᠨ ᠮᠡᠳᠡᠯᠭᠡ ᠨᠢ ᠲᠡᠶᠢᠮᠦ ᠭᠦᠨ ᠬᠦᠨᠵᠡᠭᠡᠢ᠂ ᠬᠡᠴᠢᠨᠡᠨ ᠠᠭᠤᠤ ᠠᠭᠤᠳᠠᠮ ᠪᠠᠶᠢᠭᠰᠠᠨ ᠢ ᠰᠠᠶ᠋ᠢ | ᠰᠠᠶ᠋ᠢ ᠠᠴᠠ ᠤᠬᠠᠮᠰᠠᠷᠯᠠᠭᠰᠠᠨ ᠮᠠᠨᠢ ᠤᠷᠤᠶᠢᠳᠠᠵᠠᠢ᠃ ᠵᠠᠩ ᠦᠢᠯᠡ ᠶᠢᠨ ᠶᠤᠰᠤᠨ ᠢᠶᠠᠷ ᠬᠡᠤᠬᠡᠳ ᠢ ᠬᠦᠮᠦᠵᠢᠭᠦᠯᠬᠦ ᠪᠤᠯ | ᠦᠵᠦᠮᠦᠴᠢᠨ ᠤ ᠬᠦᠮᠦᠨ ᠬᠦᠮᠦᠵᠢᠭᠦᠯᠬᠦ ᠶᠢᠨ ᠨᠢᠭᠡᠨ ᠰᠤᠩᠭᠤᠳᠠᠭ ᠠᠷᠭ᠎ᠠ ᠬᠡᠯᠪᠡᠷᠢ ᠶᠤᠮ᠃ | ⒉ ᠡᠪᠦᠭᠡᠳ ᠤᠨ ᠦᠪᠯᠡᠬᠦ ᠵᠤᠭᠤᠭ | ᠵᠤᠨ ᠤ ᠨᠢᠭᠡᠨ ᠬᠠᠯᠠᠭᠤᠨ ᠡᠳᠦᠷ ᠶᠤᠮᠰᠠᠨ᠂ ᠬᠠᠶᠠᠭ᠎ᠠ ᠰᠡᠭᠦᠭᠰᠡᠨ ᠢᠰᠡᠭᠡᠢ ᠭᠡᠷ ᠠᠴᠠ ᠠᠶᠢᠷᠠᠭ ᠤᠨ ᠰᠡᠩᠭᠡᠨᠡᠭᠡ | ᠬᠠᠩᠬᠤᠯᠠᠨ᠎ᠠ᠂ ᠠᠶᠢᠷᠠᠭ ᠪᠦᠯᠢᠬᠦ ᠲᠠᠭᠤᠨ ᠪᠤᠯᠤᠨ ᠦᠵᠦᠮᠦᠴᠢᠨ ᠪᠦᠰᠡᠭᠦᠢ ᠶᠢᠨ ᠬᠦᠳᠡᠯᠮᠦᠷᠢ ᠶᠢᠨ ᠲᠠᠭᠤᠯᠠᠯ ᠬᠦᠭ | ᠨᠡᠶᠢᠯᠡᠨ ᠱᠠᠭᠠᠬᠢᠨᠡ᠃ ᠲᠠᠨᠵᠢ ᠶᠢᠨ ᠴᠡᠩᠭᠡᠷ ᠲᠤᠭᠤᠷᠤᠤ ᠬᠤᠤᠰ ᠬᠤᠤᠰ ᠢᠶᠠᠷ ᠨᠢᠰᠴᠤ ᠲᠤᠤᠭᠠᠷᠤᠨ ᠦᠩᠭᠡᠷᠡᠬᠦ ᠳᠤ | ᠡᠪᠦᠭᠡᠳ ᠬᠦᠭᠰᠢᠳ᠄ ︽ᠤᠳᠠᠬᠤ ᠦᠭᠡᠢ ᠪᠤᠷᠤᠭᠠᠨ ᠤᠷᠤᠬᠤ ᠶᠢᠨ ᠲᠡᠮᠳᠡᠭ︾ ᠭᠡᠯᠴᠡᠨ᠎ᠡ᠃ ᠰᠠᠶ᠋ᠢᠬᠠᠨ ᠨᠡᠷᠡᠭᠰᠡᠨ | ᠠᠷᠢᠬᠢᠨ ᠤ ᠦᠨᠦᠷ ᠢ ᠠᠪᠤᠭᠰᠠᠨ ᠰᠢᠭ᠋ ᠲᠤᠤᠯᠢᠴᠢ ᠡᠪᠦᠭᠡᠨ ᠬᠠᠯᠳᠠᠷ ᠮᠤᠷᠢ ᠤᠨᠤᠭᠰᠠᠨ ᠬᠡᠭᠡᠷ ᠬᠠᠯᠳᠠᠷ ᠪᠤᠯᠤᠭᠰᠠᠨ ᠮᠠᠶ᠋ᠢᠭ | ᠲᠠᠢ ᠬᠡᠯᠪᠡᠷᠢᠨ ᠲᠠᠪᠬᠢᠵᠦ ᠠᠶᠢᠰᠦᠢ᠂ ︽ᠨᠤᠬᠠᠢ ᠪᠠᠨ ᠬᠤᠷᠢ︕︾ ᠭᠡᠬᠦ ᠳᠤ ᠪᠡᠷᠢ ᠬᠡᠤᠬᠡᠳ ᠭᠦᠶᠦᠯᠳᠦᠨ ᠭᠠᠷᠴᠤ | ᠮᠤᠷᠢ ᠶᠢ ᠨᠢ ᠲᠤᠰᠤᠨ ᠠᠪᠴᠤ ᠤᠶᠠᠭᠠᠳ ᠡᠪᠦᠭᠡᠨ ᠢ ᠲᠦᠰᠢᠵᠦ ᠭᠡᠷ ᠲᠤ ᠤᠷᠤᠭᠤᠯᠤᠨ ᠬᠦᠨᠳᠦᠯᠡᠨ᠎ᠡ᠂ ᠨᠠᠰᠤᠳᠠᠳ | ᠬᠦᠬᠦᠷ ᠪᠠᠷᠢᠨ ᠬᠠᠷᠢᠯᠴᠠᠨ ᠮᠡᠨᠳᠦᠯᠴᠢᠯᠡᠨᠡ᠂ ᠠᠶᠢᠯ ᠤᠨ ᠪᠡᠷᠢ ᠰᠠᠶ᠋ᠢᠬᠠᠨ ᠨᠡᠷᠡᠭᠰᠡᠨ ᠠᠷᠵᠠ ᠪᠠᠨ ᠲᠤᠤᠯᠢᠴᠢ ᠡᠪᠦᠭᠡᠨ ᠳᠤ | ᠬᠡᠮᠨᠡᠨ ᠪᠠᠷᠢᠬᠤ ᠳᠤ ᠲᠡᠷᠡ ᠪᠠᠷ᠄ ︽ᠵᠠ᠂ ᠨᠠᠷᠠ ᠠᠳᠠᠯᠢ ᠮᠠᠨᠳᠤᠵᠦ᠂ ᠨᠠᠪᠴᠢ ᠠᠳᠠᠯᠢ ᠲᠡᠯᠭᠡᠷᠡᠵᠦ᠂ ᠦᠨᠳᠦᠷ ᠨᠠᠰᠤ ᠲᠠᠢ | ᠦᠷᠭᠡᠨ ᠪᠤᠶᠠᠨ ᠲᠠᠢ ᠶᠠᠪᠤ ᠡ︕︾ ᠭᠡᠵᠦ ᠢᠷᠦᠭᠡᠯ ᠬᠠᠶᠢᠷᠨᠯᠠᠨᠠ᠃ ᠠᠯᠤᠰ ᠲᠤ ᠦᠨᠡᠭᠡᠷ ᠬᠦᠬᠡᠷᠦᠨ ᠪᠤᠷᠤᠭᠠᠨᠰᠢᠵᠦ | ᠲᠡᠭᠷᠢ ᠬᠢᠯᠪᠡᠨ ᠴᠠᠬᠢᠯᠤᠨ ᠪᠠᠶᠢᠭᠰᠠᠨ ᠢᠶᠠᠨ ᠰᠡᠷ ᠰᠡᠷ ᠰᠠᠯᠬᠢᠯᠠᠨ ᠴᠠᠶᠢᠷᠠᠳᠠᠵᠦ ᠡᠬᠢᠯᠡᠪᠡ᠂ ᠬᠦᠭᠰᠢᠳ ᠪᠡᠷᠢᠶᠠᠳ ᠠᠷᠭᠠᠯ | ᠲᠦᠯᠡᠰᠢ ᠪᠠᠨ ᠪᠦᠳᠦᠭᠡᠬᠦ᠂ ᠠᠭᠠᠷᠴᠠ ᠬᠤᠷᠤᠳ ᠢᠶᠠᠨ ᠤᠷᠤᠭᠤᠯᠬᠤ᠂ ᠡᠷᠦᠬᠡ ᠪᠠᠨ ᠪᠦᠳᠦᠭᠡᠬᠦ ᠭᠡᠳ ᠶᠠᠭᠠᠷᠠᠯᠳᠤᠨ᠎ᠠ᠃ | ᠬᠤᠶᠠᠷ ᠪᠤᠭᠤᠷᠤᠯ ᠬᠠᠷᠢᠨ ᠵᠤᠭᠤᠭ ᠲᠡᠯᠭᠡᠨ ᠲᠠᠪᠡᠳᠠᠢ ᠰᠠᠭᠤᠵᠦ᠂ ᠠᠷᠢᠬᠢ ᠰᠢᠮᠡᠭᠰᠡᠨ ᠢᠶᠠᠨ ᠡᠪᠦᠭᠡ ᠮᠢᠨᠢ᠄ ︽ᠵᠠ᠂ | ᠠᠬᠤ᠂ ᠴᠢ ᠴᠢᠨᠢ ᠤᠳᠤ ᠲᠤᠤᠯᠢᠴᠢ ᠲᠡᠤᠬᠡᠴᠢ ᠨᠠᠷᠠ ᠲᠠᠢ᠂ ᠲᠡᠭᠦᠨ ᠠᠴᠠ ᠪᠠᠨ ᠶᠠᠷᠢᠭᠠᠴᠢ ᠳ᠋ᠠ᠂ ᠪᠤᠷᠤᠭᠠᠨ ᠴᠤ | ᠤᠷᠤᠴᠢᠬᠠᠯ᠎ᠠ᠂ ᠬᠠᠭᠤᠴᠢ ᠲᠡᠯᠭᠡᠬᠦ ᠠᠴᠠ︾ ᠭᠡᠵᠦ ᠶᠠᠷᠢᠶᠠᠨ ᠤ ᠭᠤᠭᠴᠤᠭ᠎ᠠ ᠡᠭᠦᠰᠭᠡᠬᠦ ᠳᠤ ᠲᠤᠤᠯᠢᠴᠢ ᠡᠪᠦᠭᠡᠨ᠄ ︽ | ᠡᠷᠳᠡ ᠤᠷᠢᠳᠦ ᠶᠢᠨ ᠴᠠᠭ ᠲᠤ᠂ ᠠᠯᠢ ᠴᠤ ᠬᠠᠭᠠᠨ ᠤ ᠦᠶ᠎ᠡ ᠶᠤᠮ ᠳ᠋ᠠ᠂ ᠮᠠᠨ ᠤ ᠦᠵᠦᠮᠦᠴᠢᠨ ᠠᠶᠢᠮᠠᠭ ᠠᠯᠳᠠᠢ — | ᠬᠠᠩᠭᠠᠢ ᠶᠢᠨ ᠠᠭᠤᠯᠠ ᠪᠠᠷ ᠨᠤᠳᠤᠭᠯᠠᠵᠦ ᠪᠠᠶᠢᠯ᠎ᠠ ᠭᠡᠳᠡᠭ᠂ ᠨᠢᠭᠡᠨ ᠤᠳᠠᠭ᠎ᠠ ᠶᠢᠨ ᠲᠠᠶᠢᠨ ᠲᠠᠵᠢᠨ ᠪᠤᠯᠵᠦ᠂ ᠬᠤᠯᠠᠭᠠᠢ | ᠲᠡᠭᠡᠷᠡᠮ ᠤᠨ ᠲᠦᠢᠪᠡᠭᠡᠯᠭᠡ ᠳᠤ ᠤᠴᠠᠷᠠᠭᠰᠠᠨ ᠢᠶᠠᠷ ᠠᠷᠭ᠎ᠠ ᠦᠭᠡᠢ ᠪᠤᠯᠬᠤ ᠳᠠᠭᠠᠨ ᠠᠯᠤᠰ ᠤᠨ ᠨᠡᠭᠦᠳᠡᠯ ᠬᠢᠵᠦ ᠠᠳᠡ | ᠢᠷᠡᠯ᠎ᠡ ᠭᠡᠵᠦ ᠭᠡᠳᠦᠶᠢᠨᠡᠢ ᠠᠴᠠ ᠨᠠᠰᠤᠳᠠᠨ ᠪᠤᠭᠤᠷᠤᠯ ᠤᠳ ᠶᠡᠭᠡ ᠶᠠᠷᠢᠶ᠎ᠠ ᠬᠦᠭᠡᠷᠦᠭᠡ ᠪᠤᠯᠭᠠᠵᠦ ᠪᠠᠶᠢᠭᠰᠠᠨ ᠶᠤᠮ᠂ | ᠲᠡᠭᠡᠭᠡᠳ ᠤᠳᠤ ᠶᠢᠨ ᠡᠨᠡ ᠬᠠᠳᠠᠪᠴᠢ᠂ ᠡᠭᠦᠳᠡ ᠵᠡᠷᠭᠡ ᠭᠠᠵᠠᠷ ᠢᠶᠠᠷ ᠨᠡᠭᠦᠵᠦ ᠤᠷᠤᠵᠦ ᠢᠷᠡᠯ᠎ᠡ ᠭᠡᠳᠡᠭ᠂ ᠲᠡᠭᠡᠭᠰᠡᠨ ᠢᠶᠠᠷ | ᠨᠢ ᠢᠩᠭᠢᠵᠦ ᠨᠡᠷᠡᠯᠡᠭᠰᠡᠨ ᠪᠠᠶᠢᠵᠠᠢ᠂ ᠬᠤᠶᠠᠷ ᠡᠭᠦᠳᠡ ᠶᠢᠨ ᠬᠤᠭᠤᠷᠤᠨᠳᠤᠭᠤᠷ ᠠᠳᠤᠭᠤᠨ ᠰᠦᠷᠦᠭ ᠢᠶᠠᠨ ᠭᠡᠯᠢᠵᠦ | ᠭᠠᠷᠬᠤ ᠳᠤ ᠪᠠᠭᠳᠠᠵᠦ ᠶᠠᠳᠠᠨ ᠪᠠᠶᠢᠯ᠎ᠠ ᠭᠡᠯᠴᠡᠳᠡᠭ᠂ ᠶᠡᠬᠡᠯ᠎ᠡ ᠠᠳᠤᠭᠤᠳ ᠲᠠᠢ ᠪᠠᠶᠢᠭᠰᠠᠨ ᠶᠤᠮ ᠪᠠᠶᠢᠨ᠎ᠠ︾ ᠭᠡᠬᠦ ᠳᠤ | ᠡᠪᠦᠭᠡ ᠪᠠᠰᠠ ᠡᠯᠭᠦᠵᠦ᠄ ︽ᠮᠠᠨ ᠤ ᠲᠡᠭᠡᠳᠦ ᠶᠢᠨ ᠭᠠᠵᠠᠷ ᠪᠠᠷᠠᠭᠤᠨ ᠬᠤᠶᠢᠳᠦ ᠵᠦᠭ ᠲᠤ ᠪᠤᠢ ᠭᠡᠬᠦ ᠪᠦᠭᠡᠳ ᠠᠯᠳᠠᠢ — | ᠬᠠᠩᠭᠠᠢ ᠨᠢᠷᠤᠭᠤ ᠶᠢᠨ ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ ᠭᠡᠬᠦ | ᠭᠠᠵᠠᠷ ᠢ ᠶᠠᠷᠢᠳᠠᠭ᠂ ᠠᠳᠡ ᠠᠴᠠ ᠬᠡᠳᠦᠢ ᠴᠤ ᠬᠤᠯᠠ ᠪᠠᠶᠢᠳᠠᠭ ᠢ ᠪᠤᠤ ᠮᠡᠳᠡ︕︾ ᠲᠤᠤᠯᠢᠴᠢ ᠡᠪᠦᠭᠡᠨ᠄ ︽ᠲᠡᠶᠢᠮᠦ ᠡ | ᠂ ᠲᠡᠭᠡᠵᠦ ᠶᠠᠷᠢᠳᠠᠭ᠃ ᠬᠠᠩᠭᠠᠢ ᠠᠭᠤᠯᠠ ᠠᠴᠠ ᠭᠠᠯᠪᠠ ᠱᠠᠩᠬᠤ ᠶᠢᠨ ᠭᠤᠪᠢ ᠳᠤ ᠨᠡᠭᠦᠵᠦ ᠢᠷᠡᠭᠡᠳ ᠬᠡᠳᠦᠢ ᠤᠳᠠᠭᠰᠠᠨ ᠢ | ᠮᠡᠳᠡᠬᠦ ᠦᠭᠡᠢ᠂ ᠦᠵᠦᠮᠦᠴᠢᠨ ᠠᠶᠢᠮᠠᠭ ᠭᠠᠯᠪᠠ ᠱᠠᠩᠬᠤ ᠶᠢᠨ ᠭᠤᠪᠢ ᠠᠴᠠ ᠭᠠᠭᠴᠠ ᠪᠦᠭᠦᠳᠦ ᠲᠡᠮᠡᠭᠡᠳ ᠲᠠᠢ ᠤᠳᠤ ᠶᠢᠨ | ᠡᠨᠡ ᠡᠪᠡᠰᠦᠳᠦ ᠲᠠᠯ᠎ᠠ ᠳᠤ ᠨᠡᠭᠦᠵᠦ ᠢᠷᠡᠯ᠎ᠡ ᠭᠡᠵᠦ ᠪᠠᠰᠠ ᠬᠡᠯᠡᠯᠴᠡᠳᠡᠭ ᠰᠢᠤ︕︾᠂ ︽ᠮᠠᠨ ᠤ ᠬᠢᠨ ᠴᠠᠭᠠᠨ ᠰᠠᠷ᠎ᠠ | ᠪᠤᠯᠤᠨ ᠨᠠᠶᠢᠷ ᠨᠠᠭᠠᠳᠤᠮ ᠡᠬᠢᠯᠡᠬᠦ ᠳᠤ ᠯᠠ ︿ᠶᠡᠭᠡ ᠪᠤᠭᠳᠠ ᠪᠤᠯᠠᠭᠠᠨ ᠬᠠᠩᠭᠠᠢ﹀ ᠭᠡᠬᠦ ᠲᠠᠭᠤᠤ ᠪᠠᠷ ᠡᠬᠢᠯᠡᠳᠡᠭ ᠨᠢ ᠪᠠᠰᠠ | ᠤᠴᠢᠷ ᠲᠠᠢ ᠰᠢᠤ᠂ ᠪᠠᠷᠤᠭ ᠬᠠᠩᠭᠠᠢ ᠨᠢᠷᠤᠭᠤ ᠪᠠᠷ ᠰᠠᠭᠤᠵᠦ ᠪᠠᠶᠢᠬᠤ ᠦᠶ᠎ᠡ ᠵᠤᠬᠢᠶᠠᠭᠳᠠᠭᠰᠠᠨ ᠴᠤ ᠪᠠᠶᠢᠵᠦ ᠮᠡᠳᠡᠨ᠎ᠡ᠂ | ᠦᠵᠦᠮᠦᠴᠢᠨ ᠨᠢ ᠵᠠᠭᠤᠨ ᠤᠪᠤᠭᠳᠠᠨ ᠢᠶᠠᠷ ᠪᠦᠷᠢᠯᠳᠦᠭᠰᠡᠨ ᠭᠡᠳᠡᠭ᠂ ᠤᠯᠠᠨ ᠤᠪᠤᠭᠳᠠᠨ ᠶᠠᠰᠤᠳᠠᠨ ᠢᠶᠠᠷ ᠴᠤᠭᠴᠠᠯᠠᠭᠰᠠᠨ ᠢ | ᠦᠵᠡᠪᠡᠯ ᠡᠨᠡ ᠨᠢ ᠪᠠᠷᠤᠭ ᠴᠢᠩᠭᠢᠰ ᠬᠠᠭᠠᠨ ᠤ ᠦᠶ᠎ᠡ ᠳᠤ ᠮᠢᠩᠭᠠᠳᠤ ᠪᠤᠯᠤᠭᠰᠠᠨ ᠴᠤ ᠪᠤᠯᠪᠠᠤ ᠭᠡᠵᠦ ᠪᠤᠳᠤᠭᠳᠠᠨ᠎ᠠ︾ | ᠭᠡᠵᠦ ᠡᠪᠦᠭᠡ ᠰᠢᠨᠵᠢᠯᠡᠬᠦ ᠮᠠᠶ᠋ᠢᠭ ᠲᠠᠢ ᠬᠡᠯᠡᠨ᠎ᠡ᠃ ᠪᠤᠷᠤᠭᠠᠨ ᠦᠷᠭᠦᠯᠵᠢᠯᠡᠨ ᠱᠠᠭᠠᠬᠢᠭᠰᠠᠭᠠᠷ᠂ ᠮᠠᠨᠠᠶᠢᠬᠢᠨ ᠪᠦᠬᠦᠳᠡᠭᠡᠷ ᠴᠢᠬᠢ | ᠲᠠᠯᠪᠢᠨ ᠰᠤᠨᠤᠰᠤᠨ᠎ᠠ᠃ ᠡᠭᠦᠨ ᠳᠤ ᠡᠵᠢ ᠮᠢᠨᠢ ᠦᠬᠡ ᠬᠠᠪᠴᠢᠭᠤᠯᠵᠦ᠂ ᠪᠢᠳᠡᠨ ᠳᠤ᠄ ︽ᠮᠠᠨ ᠤ ᠴᠢᠨᠢ ᠪᠠᠰᠠ | ᠤᠷᠢᠶᠠᠩᠬᠠᠨ ᠤᠪᠤᠭ ᠲᠠᠢ ᠪᠦᠬᠡᠨᠡᠷ ᠠᠶᠢᠮᠠᠭ ᠭᠡᠳᠡᠭ ᠰᠢᠤ᠂ ᠡᠭᠦᠨ ᠢ ᠪᠠᠨ ᠪᠠᠰᠠ ᠮᠨᠳᠡᠵᠦ ᠠᠪ ᠳ᠋ᠠ︕︾ ᠭᠡᠰᠡᠨ ᠢᠶᠠᠨ | ᠪᠤᠭᠤᠷᠤᠯᠴᠦᠳ ᠲᠤ ᠴᠠᠢ ᠠᠶᠠᠭᠠᠯᠠᠨ ᠦᠭᠭᠦᠨ᠎ᠡ᠃ | ᠦᠵᠦᠮᠦᠴᠢᠨ ᠤ ᠲᠡᠭᠡᠳᠦᠰ ᠶᠠᠷᠤ ᠨᠢ ᠲᠡᠤᠬᠡ ᠲᠤᠮᠤᠭ᠂ ᠤᠷᠳᠤ ᠶᠢᠨ ᠲᠠᠭᠤᠤ᠂ ᠤᠨᠢᠰᠤᠭ᠎ᠠ ᠲᠠᠭᠠᠪᠤᠷᠢ ᠪᠠᠨ | ᠠᠮᠠ ᠪᠠᠷ ᠤᠯᠠᠮᠵᠢᠯᠠᠬᠤ ᠨᠢ ᠲᠡᠯᠭᠡᠷᠡᠩᠭᠦᠢ ᠪᠠᠶᠢᠳᠠᠭ᠂ ᠲᠡᠷᠡ ᠦᠶ᠎ᠡ ᠶᠢᠨ ᠬᠡᠤᠬᠡᠳ ᠤᠳ ᠰᠤᠨᠤᠰᠤᠮᠠᠭᠴᠠ ᠲᠤᠭᠳᠠᠭᠠᠵᠦ᠂ | ᠴᠢᠭᠡᠵᠢᠯᠡᠵᠦ ᠠᠪᠬᠤ ᠴᠢᠳᠠᠪᠤᠷᠢ ᠨᠢ ᠴᠢᠳᠠᠮᠠᠭᠠᠢ ᠮᠦᠷᠳᠡᠭᠡᠨ ᠬᠠᠳᠠᠩᠰᠢᠭᠤᠯᠵᠦ ᠬᠡᠵᠢᠶ᠎ᠡ ᠪᠤᠯᠤᠭᠰᠠᠨ ᠴᠤ ᠨᠢᠬᠡᠨ ᠳᠡᠭᠡᠨ | ᠶᠠᠷᠢᠵᠦ ᠮᠠᠷᠳᠠᠬᠤ ᠦᠭᠡᠢ ᠶᠠᠪᠤᠬᠤ ᠨᠢ ᠭᠠᠶᠢᠬᠠᠯᠳᠠᠢ᠃ ᠲᠤᠤᠯᠢᠴᠢ ᠡᠪᠦᠭᠡᠨ᠂ ᠡᠪᠦᠭᠡ ᠬᠤᠶᠠᠷ ᠤᠨ ᠶᠠᠷᠢᠶ᠎ᠠ ᠤᠯᠠᠮ | ᠭᠦᠨᠵᠡᠭᠡᠶᠢᠷᠡᠨ᠎ᠡ᠂ ᠲᠡᠳᠡᠨ ᠤ ᠶᠠᠷᠢᠯᠴᠠᠬᠤ ᠪᠠᠷ᠂ ᠦᠵᠦᠮᠦᠴᠢᠨ ᠠᠶᠢᠮᠠᠭ ᠪᠤᠯ ᠦᠶ᠎ᠡ ᠤᠯᠠᠷᠢᠨ ᠮᠤᠩᠭᠤᠯ ᠶᠡᠭᠡ ᠬᠠᠭᠠᠳ ᠤᠨ | ᠬᠠᠷᠢᠶᠠᠳᠤ ᠠᠷᠠᠳ ᠪᠠᠶᠢᠭᠰᠠᠨ ᠢᠶᠠᠷ ᠦᠵᠦᠮᠦᠴᠢᠨ ᠤ ᠭᠡᠷ ᠤᠷᠤᠨ ᠰᠠᠭᠤᠴᠠ᠂ ᠬᠤᠪᠴᠠᠰᠤ ᠡᠳ᠋ᠯᠡᠯ᠂ ᠮᠠᠯ ᠰᠦᠷᠦᠭ᠂ | ᠰᠢᠳᠦᠯᠭᠡ ᠪᠢᠰᠢᠷᠡᠯ᠂ ᠵᠠᠩ ᠲᠠᠳᠬᠠᠯ ᠵᠠᠩ ᠦᠢᠯᠡ ᠶᠢᠨ ᠲᠠᠯ᠎ᠠ ᠪᠠᠷ ᠪᠤᠰᠤᠳ ᠠᠴᠠ ᠤᠨᠴᠠᠯᠢᠭᠳᠠᠵᠦ ᠪᠠᠶᠢᠳᠠᠭ ᠰᠠᠶᠢᠬᠠᠨ | ᠤᠭᠰᠠᠭ᠎ᠠ ᠶᠠᠰᠤᠳᠠᠳ ᠶᠤᠮ ᠭᠡᠨ᠎ᠡ᠂ ᠡᠶᠢᠮᠦ ᠪᠠᠷ ᠮᠤᠩᠭᠤᠯ ᠬᠠᠭᠠᠳ ᠤᠨ ᠴᠠᠬᠠᠷ ᠲᠦᠮᠡᠨ ᠤ ᠨᠠᠢᠮᠠᠨ ᠤᠳᠤᠭ ᠤᠨ ᠨᠢᠭᠡ | ᠪᠠᠶᠢᠭᠰᠠᠨ ᠨᠢ ᠲᠡᠤᠬᠡ ᠶᠢᠨ ᠦᠨᠡᠨ᠂ ᠰᠤᠷᠬᠠᠭᠳᠠᠨᠢ ᠬᠠᠳᠤᠨ ᠴᠠᠬᠠᠷ ᠲᠦᠮᠡᠨ ᠢ ᠵᠠᠬᠢᠷᠴᠤ ᠪᠠᠶᠢᠭᠰᠠᠨ ᠢ ᠦᠵᠡᠬᠦ ᠳᠤ | ᠦᠵᠦᠮᠦᠴᠢᠨ ᠠᠶᠢᠮᠠᠭ ᠨᠢ ᠲᠡᠷᠡ ᠦᠶ᠎ᠡ ᠤᠶᠢᠷᠠᠳ ᠠᠴᠠ ᠭᠡᠰᠭᠡᠯᠡᠭᠳᠡᠨ ᠴᠠᠬᠠᠷ ᠲᠤ ᠬᠠᠷᠢᠶᠠᠯᠠᠭᠳᠠᠨ ᠬᠤᠪᠢᠯᠠᠢ ᠬᠠᠭᠠᠨ ᠢ | ᠲᠠᠭᠠᠵᠦ ᠪᠠᠷᠠᠭᠤᠨ ᠬᠤᠶᠢᠨ᠎ᠠ ᠠᠴᠠ ᠨᠡᠭᠦᠵᠦ ᠢᠷᠡᠭᠰᠡᠨ ᠲᠦᠯᠦᠪᠳᠡᠢ᠂ ᠬᠤᠪᠢᠯᠠᠢ ᠬᠠᠭᠠᠨ ᠤᠯᠠᠨ ᠴᠠᠭᠠᠨ ᠠᠳᠤᠭᠤᠳ ᠲᠠᠢ | ᠪᠠᠶᠢᠯ᠎ᠠ ᠭᠡᠳᠡᠭ᠂ ᠮᠠᠨ ᠤ ᠦᠵᠦᠮᠦᠴᠢᠨ ᠨᠢ ᠲᠡᠷᠡ ᠴᠠᠭᠠᠨ ᠠᠳᠤᠭᠤ ᠶᠢ ᠮᠠᠯᠵᠢᠵᠦ ᠪᠠᠶᠢᠭᠰᠠᠨ ᠠᠵᠦ ᠦᠢᠯᠡᠰ ᠤᠨ | ᠦᠢᠯᠡᠴᠢᠨ ᠪᠠᠶᠢᠭᠰᠠᠨ ᠠᠴᠠ ᠤᠳᠤ ᠪᠤᠯᠳᠠᠯ᠎ᠠ ᠡᠨᠡ ᠠᠳᠤᠭᠤ ᠪᠠᠨ ᠬᠠᠳᠠᠭᠠᠯᠠᠵᠦ ᠢᠷᠡᠭᠰᠡᠨ ᠨᠢ ᠭᠠᠷᠴᠠᠭ᠎ᠠ ᠦᠭᠡᠢ | ᠮᠦᠷᠳᠡᠭᠡᠨ ᠨᠠᠶᠢᠰᠯᠠᠯ ᠱᠠᠩᠳᠤ ᠴᠤ ᠠᠳᠡ ᠪᠠᠰᠠ ᠬᠤᠯᠠ ᠦᠭᠡᠢ ᠶᠤᠮ ᠴᠢᠨᠢ︕ ᠭᠡᠵᠦ ᠡᠪᠦᠭᠡᠳ ᠮᠠᠨᠢ ᠰᠡᠳᠭᠢᠯ | ᠦᠭᠰᠦᠵᠦ᠂ ᠲᠡᠭᠦᠨ ᠳᠡᠭᠡᠨ ᠤᠮᠤᠭᠰᠢᠵᠦ ᠪᠠᠶᠢᠯ᠎ᠠ᠃ ᠪᠤᠷᠤᠭᠠᠨ ᠠᠷᠢᠯᠵᠦ ᠲᠡᠭᠷᠢ ᠴᠡᠯᠮᠡᠭᠰᠢᠵᠦ ᠵᠡᠭᠦᠨ ᠡᠮᠦᠨ᠎ᠡ ᠵᠦᠭ ᠲᠤ | ᠬᠤᠷᠴᠠ ᠦᠩᠭᠡ ᠲᠠᠢ ᠰᠤᠯᠤᠩᠭ᠎ᠠ ᠲᠠᠳᠠᠨ᠎ᠠ᠂ ᠠᠭᠤᠷ ᠠᠮᠢᠰᠬᠤᠯ ᠡᠳᠡᠭᠡᠳ ᠰᠤᠷᠭᠤᠭ ᠰᠡᠩᠭᠢᠨᠡᠭᠦᠨ᠃ ᠡᠪᠦᠭᠡ ᠪᠠ | ᠲᠤᠤᠯᠢᠴᠢ ᠡᠪᠦᠭᠡᠨ ᠤ ᠶᠠᠷᠢᠶ᠎ᠠ ᠴᠤ ᠲᠠᠭᠤᠰᠴᠤ ᠮᠤᠷᠳᠠᠬᠤ ᠪᠠᠷ ᠪᠤᠯᠤᠭᠰᠠᠨ ᠳᠤ ᠠᠬ᠎ᠠ ᠮᠠᠨᠢ ᠭᠡᠷ ᠲᠤᠨᠢ ᠬᠦᠷᠭᠡᠵᠦ | ᠦᠭᠬᠦ ᠪᠠᠷ ᠶᠠᠪᠤᠨ᠎ᠠ᠂ ︽ᠭᠡᠭᠡᠷ ᠬᠠᠯᠳᠠᠷ ᠮᠤᠷᠢ ᠨᠢ ᠬᠡᠨ ᠴᠤ ᠠᠳᠤᠭᠤᠨ ᠤ ᠤᠨᠠᠭ᠎ᠠ ᠶᠤᠮ ᠁︾ ᠭᠡᠵᠦ ᠲᠤᠤᠯᠢᠴᠢ | ᠡᠪᠦᠭᠡᠨ ᠬᠡᠯᠪᠡᠷᠢᠨ ᠲᠠᠪᠬᠢᠭᠰᠠᠭᠠᠷ ᠲᠠᠯᠳᠠ ᠤᠷᠤᠨ᠎ᠠ᠃ | ᠠᠪᠤ ᠶᠢᠨ ᠶᠠᠷᠢᠭᠰᠠᠨ ᠠᠷᠭᠠᠮᠵᠢᠶ᠎ᠠ ᠲᠠᠢ᠂ ᠡᠵᠢ ᠶᠢᠨ ᠬᠡᠯᠡᠭᠰᠡᠨ ᠦᠨᠳᠦᠰᠦ ᠲᠠᠢ᠃ ᠦᠵᠦᠮᠦᠴᠢᠨ ᠠᠮᠠᠨ ᠤᠯᠠᠮᠵᠢᠯᠠᠯ | ᠶᠠᠭᠤ ᠰᠢᠪᠨᠡᠭᠡ ᠪᠤᠢ᠂ ᠲᠡᠷᠡ ᠪᠤᠯ ᠲᠡᠭᠡᠳᠦ ᠶᠢᠨ ᠲᠡᠭᠡᠳᠦ ᠠᠴᠠ ᠤᠯᠠᠮᠵᠢᠯᠠᠵᠦ ᠢᠷᠡᠭᠰᠡᠨ ᠤᠭᠰᠠᠭ᠎ᠠ ᠤᠳᠤᠮ ᠤᠨ ᠮᠠᠨᠢ | ᠪᠠᠭᠠᠳᠤᠷᠯᠢᠭ ᠲᠤᠤᠯᠢᠰ ᠪᠠᠶᠢᠭ᠎ᠠ ᠶᠤᠮ᠂ ᠤᠭᠰᠠᠭᠠᠨ ᠤ ᠡᠭᠦᠰᠦᠯ ᠬᠦᠭᠵᠢᠯ ᠤᠨ ᠠᠯᠳᠠᠨ ᠲᠤᠰᠤᠯ ᠪᠤᠯᠤᠨ ᠭᠡᠷᠡᠯᠳᠦᠵᠦ | ᠮᠦᠩᠭᠡᠷᠡᠨ᠎ᠡ᠃ | ⒊ ᠲᠠᠭᠤᠤ ᠶᠢᠨ ᠤᠶᠠᠩᠭᠠᠨ ᠬᠤᠷᠸ᠎ᠠ | ᠦᠵᠦᠮᠦᠴᠢᠨ ᠨᠤᠲᠤᠭ ᠪᠤᠯ ᠤᠷᠳᠤ ᠶᠢᠨ ᠲᠠᠭᠤᠤ ᠲᠠᠢ ᠤᠶᠠᠩᠭᠠᠨ ᠬᠤᠷᠸ᠎ᠠ᠂ ᠤᠯᠠᠮᠵᠢᠯᠠᠯ ᠤᠨ ᠰᠠᠶᠢᠬᠠᠨ | ᠡᠭᠡᠰᠢᠭᠳᠦ ᠦᠯᠦᠭᠡᠢ ᠶᠤᠮᠰᠠᠨ᠃ ᠨᠠᠶᠠᠨ ᠨᠠᠰᠤᠳᠠᠢ ᠪᠤᠭᠤᠷᠤᠯ ᠠᠴᠠ ᠨᠠᠢᠮᠠᠨ ᠨᠠᠰᠤ ᠲᠠᠢ ᠬᠡᠤᠬᠡᠳ ᠬᠦᠷᠳᠡᠯ᠎ᠡ ᠤᠷᠳᠤ ᠶᠢᠨ | ᠲᠠᠭᠤᠤ ᠪᠠᠷ ᠢᠶᠠᠨ ᠤᠶᠠᠩᠭᠠᠯᠠᠵᠦ᠂ ᠪᠠᠶᠠᠰᠤᠨ ᠴᠡᠩᠭᠡᠵᠦ᠂ ᠲᠡᠭᠦᠨ ᠢᠶᠠᠷ ᠢᠶᠠᠨ ᠤᠮᠤᠭᠰᠢᠯ ᠪᠠ ᠵᠤᠯ ᠵᠢᠷᠭᠠᠯ ᠪᠤᠯᠭᠠᠳᠠᠭ | ᠤᠷᠠᠯᠢᠭ ᠶᠢᠨ ᠶᠢᠷᠳᠢᠨᠴᠤ ᠭᠡᠬᠦ ᠳᠤ ᠠᠬᠠᠳᠠᠬᠤ ᠪᠠᠷ ᠦᠭᠡᠢ᠃ ᠤᠷᠳᠤ ᠶᠢᠨ ᠲᠠᠭᠤᠤ ᠨᠢ ᠨᠡᠭᠦᠳᠡᠯ ᠮᠠᠯᠵᠢᠯ ᠤᠨ ᠤᠷᠠᠯᠢᠭ ᠤᠨ | ᠲᠦᠷᠬᠦ ᠶᠢ ᠲᠤᠲᠤᠷᠠᠭᠤᠯᠵᠦ᠂ ᠨᠤᠲᠤᠭ ᠤᠰᠤᠨ ᠢᠶᠠᠨ ᠮᠠᠭᠳᠠᠨ ᠲᠠᠭᠤᠯᠠᠬᠤ᠂ ᠠᠪᠤ ᠡᠵᠢ ᠶᠢᠨ ᠡᠨᠡᠷᠢᠯ ᠬᠠᠶᠢᠷ᠎ᠠ ᠶᠢ ᠰᠠᠨᠠᠨ | ᠲᠠᠭᠤᠯᠠᠬᠤ᠂ ᠠᠭᠳᠠ ᠮᠤᠷᠢ ᠪᠠᠨ ᠬᠠᠨᠢᠰᠬᠠᠨ ᠲᠠᠭᠤᠯᠠᠬᠤ᠂ ᠠᠮᠠᠷᠠᠭ ᠬᠤᠩᠭᠤᠷ ᠢᠶᠠᠨ ᠰᠠᠨᠠᠭᠠᠯᠵᠠᠨ ᠲᠠᠭᠤᠯᠠᠬᠤ᠂ ᠬᠠᠷᠢ ᠳᠤ | ᠮᠤᠷᠳᠠᠭᠰᠠᠨ ᠬᠡᠤᠬᠡᠨ ᠢᠶᠠᠨ ᠲᠤᠷᠠᠰᠤᠨ ᠲᠠᠭᠤᠯᠠᠬᠤ ᠵᠡᠷᠭᠡ ᠲᠠᠯ᠎ᠠ ᠪᠠᠷ ᠤᠨᠴᠠᠯᠢᠭ ᠢᠶᠠᠨ ᠪᠤᠯᠭᠠᠭᠰᠠᠨ ᠲᠠᠭᠤ ᠬᠤᠭᠤᠯᠠᠢ ᠶᠢᠨ | ᠤᠷᠠᠯᠢᠭ ᠤᠨ ᠭᠠᠶᠢᠬᠠᠮᠰᠢᠭ ᠢ ᠢᠯᠡᠷᠡᠭᠦᠯᠦᠨ᠎ᠡ᠃ | ᠮᠢᠨᠤ ᠡᠵᠢ ᠲᠠᠭᠤᠴᠢ ᠬᠦᠮᠦᠨ ᠪᠠᠶᠢᠭᠰᠠᠨ᠂ ᠨᠠᠮᠠᠶᠢ ᠴᠡᠷᠢᠭ ᠤᠨ ᠠᠯᠪᠠ ᠬᠠᠭᠠᠭᠠᠳ ᠢᠷᠡᠬᠦ ᠡᠪᠦᠯ ᠶᠤᠮᠰᠠᠨ᠂ ᠴᠠᠭᠠᠨ | ᠰᠠᠷ᠎ᠠ ᠤᠶᠢᠷᠠᠳᠤᠭᠰᠠᠨ ᠪᠠᠶᠢᠯ᠎ᠠ᠃ ᠨᠢᠭᠡᠨ ᠤᠷᠤᠢ ᠡᠵᠢ ᠮᠢᠨᠢ ᠭᠠᠯ ᠳᠤ ᠠᠷᠭᠠᠯ ᠨᠡᠮᠡᠭᠰᠡᠨ ᠢᠶᠠᠨ ᠢᠩᠭᠢᠵᠦ ᠶᠠᠷᠢᠵᠦ ᠪᠠᠶᠢᠪᠠ | ᠄ ︽ᠤᠭ ᠪᠢᠳᠡᠨ ᠢ ᠵᠠᠯᠠᠭᠤ ᠪᠠᠶᠢᠬᠤ ᠳᠤ᠂ ᠡᠬᠡᠨᠡᠷ ᠬᠦᠮᠦᠨ ᠲᠦᠷᠦ ᠶᠢᠨ ᠵᠠᠰᠠᠯ ᠭᠡᠵᠦ ᠤᠤᠵᠠ ᠲᠠᠳᠠᠭᠤᠷᠢ ᠡᠮᠦᠰᠴᠤ | ᠲᠠᠯᠪᠢᠳᠠᠭ ᠪᠠᠶᠢᠭᠰᠠᠨ᠂ ᠴᠠᠭᠠᠨ ᠰᠠᠷ᠎ᠠ ᠪᠤᠯᠬᠤ ᠳᠤ ᠯᠡ ᠠᠶᠢᠯ ᠤᠨ ᠪᠠᠷᠢ ᠴᠠᠢ ᠬᠢᠵᠦ ᠴᠠᠭᠠᠨ ᠢᠳᠡᠭᠡᠨ | ᠠᠮᠬᠠᠷᠠᠭᠤᠯᠤᠭᠰᠠᠨ ᠢᠶᠠᠨ ᠠᠬᠠᠮᠠᠳ ᠨᠠᠰᠤᠳᠠᠳ ᠲᠤ ᠬᠡᠮ ᠪᠠᠷᠢᠭᠠᠳ ᠠᠷᠢᠬᠢᠨ ᠢᠷᠦᠭᠡᠯ ᠬᠡᠯᠡᠮᠡᠭᠴᠡ ᠤᠷᠳᠤ ᠶᠢᠨ ᠲᠠᠭᠤᠤ | ᠡᠷᠭᠦᠳᠡᠭ ᠨᠢ ᠨᠡᠶᠢᠳᠡᠮ ᠤᠨ ᠵᠠᠩᠰᠢᠯ ᠡ︕ ᠪᠢ ᠲᠡᠷᠡ ᠦᠶ᠎ᠡ ᠴᠠᠭᠠᠨ ᠰᠠᠷ᠎ᠠ ᠳᠤ ︿ᠰᠢᠵᠢᠷ ᠪᠤᠭᠳᠠ ᠶᠢᠨ ᠰᠢᠯᠢ﹀ ᠭᠡᠬᠦ | ᠲᠠᠭᠤᠤ ᠶᠢ ᠭᠤᠤᠯᠳᠠᠢ ᠲᠠᠭᠤᠯᠠᠳᠠᠭ᠂ ᠬᠤᠭᠤᠯᠠᠢ ᠳᠤ ᠴᠢᠩᠭ᠎ᠠ ᠰᠢᠭ᠋ ᠪᠤᠯᠪᠠᠴᠤ ᠲᠡᠷᠡ ᠦᠶ᠎ᠡ ᠬᠤᠭᠤᠯᠠᠢ ᠰᠠᠶᠢᠨ ᠪᠤᠯᠬᠤᠷ | ᠠᠵᠢᠭ ᠦᠭᠡᠢ ᠯᠡ ᠭᠠᠷᠭᠠᠳᠠᠭ ᠪᠠᠶᠢᠭᠰᠠᠨ ᠰᠢᠤ᠂ ᠡᠭᠦᠨ ᠠᠴᠠ ᠭᠠᠳᠠᠨ᠎ᠠ ᠪᠠᠰᠠ ︽ᠨᠠᠷᠢᠨ ᠬᠦᠬᠡ ᠮᠤᠷᠢ︾᠂ ︽ᠬᠦᠪᠴᠢ | ᠰᠠᠭᠯᠠᠭᠠᠷ ᠮᠤᠳᠤ﹀᠂ ︿ᠠᠯᠳᠠᠨ ᠵᠢᠭᠦᠷᠳᠡᠢ ᠴᠡᠭᠴᠦᠭᠡᠢ﹀ ᠭᠡᠬᠦ ᠮᠡᠳᠦ ᠲᠠᠭᠤᠤ ᠪᠠᠷ ᠨᠠᠶᠢᠷᠯᠠᠳᠠᠭ ᠢᠶᠠᠷ ᠴᠢᠬᠢᠨ ᠳᠤ | ᠬᠤᠨᠤᠭᠰᠢᠭᠰᠠᠨ ᠯᠠ ᠪᠠᠶᠢᠳᠠᠭ︾ ᠭᠡᠵᠦ ᠲᠤᠷᠠᠰᠤᠮᠵᠢᠯᠠᠬᠤ ᠳᠤ ᠪᠢ ᠡᠵᠢ ᠪᠠᠨ᠄ ︽ᠲᠡᠭᠡᠪᠡᠯ ᠴᠢ ᠨᠢᠭᠡ ᠲᠠᠭᠤᠤ | ᠲᠠᠭᠤᠯᠠᠴᠢᠬᠠ︕︾ ᠭᠡᠰᠡᠨ ᠳᠤ ᠲᠡᠷᠡ ᠢᠨᠢᠶᠡᠮᠰᠦᠭᠯᠡᠨ ᠬᠠᠷᠠᠭᠰᠠᠨ ᠢᠶᠠᠨ᠄ ︽ᠤᠳᠤ ᠶᠠᠭᠤᠨᠠᠢ ᠬᠤᠭᠤᠯᠠᠢ ᠭᠠᠷᠬᠤ ᠶᠤᠮ | ᠳ᠋ᠠ︾ ᠭᠡᠬᠦ ᠳᠤ ᠪᠢ ᠡᠵᠢ ᠶᠢᠨ ᠢᠶᠠᠨ ᠲᠠᠭᠤᠤ ᠶᠢ ᠰᠤᠨᠤᠰᠤᠶ᠎ᠠ ᠭᠡᠵᠦ ᠪᠤᠳᠤᠭᠠᠳ᠄ ︽ᠲᠤᠤᠭᠤᠷ ᠡᠬᠢᠯᠡᠪᠡᠯ ᠭᠠᠷᠭᠠᠴᠢᠬᠤ | ᠪᠠᠶᠢᠯᠬᠦᠢ᠂ ᠲᠠᠭᠤᠯᠠᠵᠦ ᠦᠵᠡ︕︾ ᠭᠡᠳ ᠮᠤᠷᠢᠨ ᠬᠤᠭᠤᠷ ᠤᠨ ᠡᠭᠡᠰᠢᠭ ᠢᠶᠠᠷ ᠬᠠᠪᠰᠤᠷᠬᠤ ᠳᠤ ᠡᠵᠢ ᠮᠢᠨᠢ ︽ᠰᠢᠵᠢᠷ | ᠪᠤᠭᠳᠠ ᠶᠢᠨ ᠰᠢᠯᠢ︾ ᠭᠡᠳᠡᠭ ᠲᠠᠭᠤᠤ ᠪᠠᠨ ᠡᠬᠢᠯᠡᠬᠦ ᠨᠢ ᠲᠡᠷᠡ᠄ | ᠰᠢᠵᠢᠷ ᠪᠤᠭᠳᠠ ᠶᠢᠨ ᠰᠢᠯᠢ ᠳᠡᠭᠡᠨ \ ᠰᠢᠵᠢᠷᠬᠡᠨ ᠭᠤᠷᠭᠤᠤᠳᠠᠢ ᠨᠢ ᠲᠤᠩᠭᠤᠳᠤᠨ᠎ᠠ | ᠰᠢᠨ᠎ᠡ ᠰᠠᠷ᠎ᠠ ᠶᠢᠨ ᠡᠬᠢᠨ ᠳᠡᠭᠡᠨ \ ᠰᠢᠨᠡᠯᠡᠩᠬᠡᠨ ᠰᠠᠭᠤᠮᠠᠨ ᠨᠠᠶᠢᠷᠯᠠᠶ᠎ᠠ ᠳ᠋ᠠ | ᠠᠯᠳᠠᠨ ᠪᠤᠭᠳᠠ ᠶᠢᠨ ᠰᠢᠯᠢ ᠳᠡᠭᠡᠨ \ ᠠᠯᠳᠠᠨ ᠭᠤᠷᠭᠤᠤᠯᠳᠠᠢ ᠨᠢ ᠵᠡᠷᠭᠢᠨᠡ | ᠠᠮᠤᠭᠤᠯᠠᠩᠳᠤ ᠰᠠᠷ᠎ᠠ ᠶᠢᠨ ᠡᠬᠢᠨ ᠳᠡᠭᠡᠨ \ ᠠᠬᠢ ᠪᠤᠭᠤᠷᠤᠯ ᠤᠳ ᠲᠠᠭᠠᠨ ᠵᠤᠯᠭᠠᠶ᠎ᠠ︕ ᠭᠡᠵᠦ ᠬᠤᠷᠸ᠎ᠠ | ᠤᠶᠠᠷᠠᠮ᠎ᠠ ᠲᠠᠭᠤᠯᠠᠵᠦ ᠪᠢᠯᠡ᠂ ᠪᠢ ᠶᠡᠬᠡᠳᠡ ᠰᠡᠳᠭᠢᠯ ᠬᠦᠳᠡᠯᠦᠨ᠎ᠡ᠂ ᠡᠬᠡᠯ ᠵᠢᠷ ᠤᠨ ᠨᠢᠭᠡᠨ ᠡᠵᠢ ᠮᠢᠨᠢ ᠪᠠᠰᠠ ᠡᠶᠢᠮᠤ | ᠰᠠᠶᠢᠬᠠᠨ ᠤᠷᠠᠯᠢᠭ ᠤᠨ ᠠᠪᠢᠶᠠᠰ ᠲᠠᠢ ᠪᠠᠶᠢᠵᠠᠢ᠂ ᠬᠦᠭᠡᠷᠦᠭᠦᠢ᠃ ᠢᠩᠭᠢᠭᠡᠳ ᠪᠢ ᠡᠵᠢ ᠠᠴᠠ ᠪᠠᠨ ᠤᠯᠠᠨ ᠰᠠᠶᠢᠬᠠᠨ | ᠠᠶᠠᠰ ᠲᠠᠢ ᠤᠷᠳᠤ ᠶᠢᠨ ᠲᠠᠭᠤᠤ ᠶᠢᠨ ᠦᠭᠡ ᠶᠢ ᠲᠡᠮᠳᠡᠭᠯᠡᠨ ᠠᠪᠴᠤ᠂ ᠠᠶᠠᠰ ᠲᠠᠢ ᠨᠢ ᠲᠠᠭᠠᠷᠠᠭᠤᠯᠤᠨ ᠲᠠᠭᠤᠯᠠᠳᠠᠭ ᠢᠶᠠᠷ | ᠮᠠᠯ ᠳᠠᠭᠠᠨ ᠶᠠᠪᠤᠭᠰᠠᠨ ᠴᠤ᠂ ᠤᠷᠤᠭ ᠬᠤᠷᠢᠮ ᠳᠤ ᠬᠦᠷᠦᠭᠰᠡᠨ ᠴᠤ ᠤᠷᠳᠤ ᠶᠢᠨ ᠲᠠᠭᠤᠤ ᠪᠠᠨ ᠲᠠᠭᠤᠯᠠᠳᠠᠭ ᠪᠤᠯᠤᠭᠰᠠᠨ | ᠶᠤᠮ᠃ | ᠡᠷᠳᠡᠨᠢ ᠭᠤᠤᠯ ᠤᠨ ᠵᠤ ᠲᠡᠭᠡᠷ᠎ᠡ ᠮᠠᠨᠠᠶᠢᠬᠢᠨ ᠬᠤᠳᠠ ᠠᠪᠤ ᠶᠢᠨ ᠲᠠᠢ ᠤᠶᠢᠷᠠᠯᠴᠠᠭ᠎ᠠ ᠵᠤᠰᠠᠪᠠ᠃ ᠬᠤᠳᠠ ᠠᠪᠤ ᠪᠤᠯ | ᠤᠯᠤᠰ ᠤᠷᠤᠨ ᠳᠠᠭᠠᠨ ᠠᠯᠳᠠᠷᠳᠠᠢ ᠮᠤᠷᠢᠨ ᠬᠤᠭᠤᠷᠴᠢᠨ ᠶᠤᠮ᠂ ᠲᠡᠷᠡ ᠶᠠᠷᠤ ᠨᠢ ᠨᠡᠷᠡᠮᠡᠯ ᠠᠷᠢᠬᠢᠨ ᠳᠤ ᠲᠤᠷᠠᠳᠠᠢ | ᠪᠤᠯᠪᠠᠴᠤ ᠬᠦᠮᠦᠨ ᠢᠶᠠᠷ ᠰᠠᠶᠢᠨ ᠬᠡᠤᠬᠡᠳ ᠦᠭᠦᠬᠡᠷᠳᠡᠭᠰᠡᠨ ᠡᠪᠦᠭᠡᠨ ᠪᠠᠶᠢᠪᠠ᠂ ︽ᠠᠪᠠᠢ︾ ᠭᠡᠵᠦ ᠡᠷᠭᠦᠮᠵᠢᠯᠡᠨ | ᠲᠠᠭᠤᠳᠠᠳᠠᠭ᠃ ᠠᠪᠠᠢ ᠠᠪᠤ ᠬᠠᠯᠠᠮᠰᠢᠪᠠᠯ ᠠᠷᠪᠠᠭᠠᠳ ᠬᠦᠮᠦᠨ ᠬᠦᠭᠵᠢᠮ ᠨᠡᠶᠢᠯᠡᠭᠦᠯᠬᠦ ᠪᠤᠶᠤ ᠮᠤᠷᠢᠨ ᠬᠤᠭᠤᠷ ᠤᠨ ᠲᠠᠭᠤᠨ | ᠰᠤᠨᠤᠰᠬᠤ ᠪᠠᠷ ᠰᠠᠭᠠᠬᠠᠯᠳᠠ ᠶᠢᠨ ᠬᠢᠨ ᠴᠤᠭᠯᠠᠷᠠᠳᠠᠭ ᠪᠠᠶᠢᠨ᠎ᠠ᠃ ᠡᠳᠡᠨᠡᠶᠢᠬᠢ ᠭᠡᠷ ᠤᠨ ᠲᠤᠲᠤᠷ᠎ᠠ ᠪᠠᠨ ᠮᠤᠷᠢᠨ ᠬᠤᠭᠤᠷ᠂ | ᠯᠢᠩᠪᠤ᠂ ᠲᠦᠷᠪᠡᠨ ᠤᠳᠠᠰᠤᠳᠤ ᠬᠤᠭᠤᠷ᠂ ᠡᠷᠡᠭᠦᠤ ᠬᠤᠭᠤᠷ ᠮᠡᠳᠦ ᠶᠢᠨ ᠬᠦᠭᠵᠢᠮ ᠤᠨ ᠵᠦᠢᠯᠳᠡ ᠬᠤᠶᠢᠮᠦᠷ | ᠦᠷᠦᠭᠡᠰᠦᠳᠡᠢ᠂ ᠪᠤᠰᠤᠳ ᠠᠴᠠ ᠢᠯᠭᠠᠭᠳᠠᠬᠤ ᠲᠠᠯ᠎ᠠ ᠶᠢᠨ ᠪᠤᠯᠪᠠᠰᠤᠨ ᠮᠠᠯᠴᠢᠨ ᠡᠷᠦᠬᠡ ᠭᠡᠳᠡᠭ ᠨᠢ ᠢᠯᠡᠷᠬᠡᠢ᠂ ᠨᠠᠢᠮᠠᠨ | ᠲᠠᠯ᠎ᠠ ᠶᠢᠨ ᠰᠤᠮᠤ ᠮᠤᠳᠤᠨ ᠴᠠᠷ᠎ᠠ ᠲᠠᠢ ᠶᠠᠰᠤᠨ ᠰᠡᠶᠢᠯᠡᠪᠦᠷᠢ ᠲᠠᠢ ᠮᠤᠷᠢᠨ ᠬᠤᠭᠤᠷ ᠪᠠᠶᠢᠵᠦ᠂ ᠲᠠᠭᠤ ᠨᠢ ᠮᠠᠰᠢ ᠲᠤᠩᠭᠠᠯᠠᠭ | ᠂ ᠬᠤᠳᠠ ᠠᠪᠤ ᠴᠤ ᠰᠠᠶᠢᠬᠠᠨ ᠬᠦᠭᠵᠢᠮᠳᠡᠳᠡᠭ ᠢᠶᠠᠷ ᠤᠷᠤᠨ ᠤ ᠮᠤᠷᠢᠨ ᠬᠤᠭᠤᠷ ᠤᠨ ᠤᠷᠤᠯᠳᠤᠭᠠᠨ ᠳᠤ ᠲᠡᠷᠢᠭᠦᠯᠡᠵᠦ᠂ | ᠠᠯᠳᠠᠨ ᠮᠧᠲᠠᠯ ᠤᠯᠵᠠᠢ᠃ ᠨᠢᠭᠡᠨ ᠦᠳᠡᠰᠢ᠂ ᠡᠵᠢ ᠮᠢᠨᠢ ᠨᠠᠮᠠᠶᠢ ᠲᠠᠭᠠᠭᠤᠯᠤᠨ ᠲᠠᠭᠤᠤ ᠬᠦᠭᠵᠢᠮ ᠰᠤᠨᠤᠰᠬᠤ ᠪᠠᠷ | ᠬᠦᠷᠦᠭᠰᠡᠨ ᠨᠢ ᠲᠤᠩ ᠰᠠᠶᠢᠬᠠᠨ ᠵᠠᠪᠰᠢᠶᠠᠨ ᠪᠤᠯᠤᠭᠰᠠᠨ ᠳ᠋ᠠ᠂ ᠡᠨᠡᠬᠦ ᠶᠡᠭᠡ ᠬᠤᠭᠤᠷᠴᠢ ᠶᠢᠨ ᠮᠠᠨᠢ ᠭᠡᠷ ᠢᠶᠠᠷ ᠢᠶᠠᠨ ᠲᠠᠭᠤᠤ | ᠬᠦᠭᠵᠢᠮ ᠳᠤ ᠠᠪᠢᠶᠠᠰ ᠲᠠᠢ ᠤᠯᠤᠰ᠂ ᠠᠪᠠᠢ ᠠᠪᠤ ᠬᠤᠭᠤᠷ ᠬᠦᠭᠵᠢᠮᠳᠡᠬᠦ ᠳᠤ ᠲᠡᠭᠦᠨ ᠤ ᠡᠬᠡᠴᠢ ᠨᠢ ᠴᠤ ᠮᠠᠰᠢ ᠴᠢᠩᠭ᠎ᠠ | ᠬᠤᠭᠤᠯᠠᠢ ᠲᠠᠢ ᠲᠠᠭᠤᠴᠢ ᠬᠦᠮᠦᠨ᠂ ᠲᠡᠷᠡ ᠤᠷᠤᠢ ︽ᠰᠤᠶᠤᠭ ᠪᠤᠷᠤ ᠮᠤᠷᠢ︾᠂ ︽ᠰᠡᠷᠢᠭᠦᠨ ᠰᠠᠶᠢᠬᠠᠨ ᠬᠠᠩᠭᠠᠢ︾ | ᠵᠡᠷᠭᠡ ᠲᠠᠭᠤᠤ ᠪᠠ ︽ᠭᠦᠯᠢ ᠴᠠᠭᠠᠨ ᠠᠰᠠᠷ︾᠂ ︽ᠠᠳᠤᠭᠤᠴᠢᠨ ᠠᠰᠠᠷ︾ ᠭᠡᠳ ᠨᠠᠶᠢᠷᠠᠯ ᠬᠦᠭᠵᠢᠮ ᠤᠨ ᠠᠶᠠᠰ ᠴᠤ | ᠤᠶᠠᠩᠭ᠎ᠠ ᠦᠯᠡᠮᠵᠢ ᠡ᠃ ᠲᠡᠷᠡ ᠤᠯᠠᠨ ᠳᠤ ᠬᠡᠯᠡᠬᠦ ᠳᠡᠭᠡᠨ᠄ ︽ᠬᠤᠭᠤᠷ ᠤᠨ ᠬᠦᠭ ᠳᠤ ᠲᠠᠩ ᠬᠦᠭ ᠪᠤᠷᠵᠢᠭᠠᠨ ᠬᠦᠭ | ᠭᠡᠵᠦ ᠪᠤᠢ᠂ ᠤᠷᠳᠤ ᠶᠢᠨ ᠲᠠᠭᠤᠤ ᠳᠤ ᠴᠠᠶᠢᠷᠠᠭᠤᠯᠬᠤ᠂ ᠰᠢᠷᠭᠤᠭᠤᠯᠬᠤ᠂ ᠡᠭᠡᠰᠢᠭ ᠨᠤᠭᠤᠯᠤᠭ᠎ᠠ ᠭᠡᠵᠦ ᠪᠤᠢ᠂ | ᠴᠠᠶᠢᠷᠠᠭᠤᠯᠬᠤ ᠭᠡᠰᠡᠭ ᠢ ᠦᠳᠭᠡᠨ ᠬᠤᠭᠤᠯᠠᠢ ᠪᠠᠷ ᠰᠢᠷᠭᠤᠭᠤᠯᠵᠦ ᠭᠠᠷᠭᠠᠪᠠᠯ ᠪᠤᠷᠵᠢᠭᠯᠠᠬᠤ ᠭᠡᠵᠦ ᠬᠡᠯᠡᠨ᠎ᠡ᠃ ᠮᠤᠷᠢᠨ | ᠬᠤᠭᠤᠷ ᠲᠤ ᠤᠷᠳᠤ ᠶᠢᠨ ᠲᠠᠭᠤᠤ ᠶᠢ ᠤᠯᠠᠩᠬᠢ ᠳᠠᠭᠠᠨ ᠪᠤᠷᠵᠢᠭᠠᠨ ᠬᠦᠭ ᠲᠡᠭᠡᠷ᠎ᠡ ᠲᠠᠷᠤᠳᠠᠭ ᠶᠤᠮ ᠡ᠂ ᠡᠶᠢᠮᠦ ᠠᠴᠠ | ᠲᠠᠭᠤᠤ ᠶᠢ ᠪᠤᠷᠵᠢᠭᠯᠠᠵᠦ ᠲᠠᠭᠤᠯᠠᠪᠠᠯ ᠬᠤᠭᠤᠯᠠᠢ ᠬᠤᠭᠤᠷ ᠬᠤᠶᠠᠷ ᠤᠨ ᠡᠭᠡᠰᠢᠭ ᠨᠢ ᠰᠠᠶᠢᠬᠠᠨ ᠨᠡᠶᠢᠯᠡᠵᠦ ᠮᠠᠰᠢ ᠭᠤᠶᠢᠳᠡ | ᠰᠤᠨᠤᠰᠪᠤᠷᠢᠳᠡᠢ ᠪᠠᠶᠢᠳᠠᠭ ᠰᠢᠤ︾ ᠭᠡᠵᠦ ᠤᠨᠤᠯᠵᠢᠭᠤᠯᠤᠨ ᠶᠠᠷᠢᠨ᠎ᠠ᠂ ᠲᠡᠷᠡ ᠤᠷᠤᠢ ᠨᠠᠳᠠ ᠳᠤ ᠶᠠᠷᠤ ᠮᠠᠷᠳᠠᠭᠳᠠᠰᠢ ᠦᠭᠡᠢ | ᠲᠤᠷᠠᠳᠬᠠᠯ ᠪᠤᠯᠵᠦ ᠲᠡᠭᠡᠳᠦᠯᠡᠭᠳᠡᠭᠰᠡᠨ ᠶᠤᠮ᠃ | ᠪᠤᠭᠤᠷᠤᠯ ᠤᠳ ᠤᠨ ᠮᠠᠨᠢ ᠪᠦᠷᠢᠨ ᠪᠤᠰᠤ ᠴᠤᠭᠯᠠᠭᠤᠯᠭ᠎ᠠ ᠳᠤ ᠵᠦᠪᠬᠡᠨ ᠤᠯᠠᠮᠵᠢᠯᠠᠯᠳᠤ ᠦᠵᠦᠮᠦᠴᠢᠨ ᠠᠷᠠᠳ ᠤᠨ | ᠤᠷᠳᠤ ᠶᠢᠨ ᠲᠠᠭᠤᠤ ᠨᠢ ᠬᠤᠶᠠᠷ ᠵᠠᠭᠤ ᠭᠠᠷᠤᠢ ᠦᠷᠭᠡᠨ ᠪᠦᠳᠦᠭᠡᠯ ᠪᠦᠷᠢᠳᠭᠡᠭᠳᠡᠵᠦ ᠪᠠᠶᠢᠬᠤ ᠠᠴᠠ ᠦᠵᠦᠮᠦᠴᠢᠨ ᠪᠤᠯ | ᠲᠠᠭᠤᠤ ᠶᠢᠨ ᠤᠶᠠᠩᠭᠠᠨ ᠬᠤᠷᠸ᠎ᠠ᠂ ᠤᠷᠳᠤ ᠶᠢᠨ ᠲᠠᠭᠤᠤ ᠶᠢᠨ ᠦᠯᠦᠭᠡᠢ ᠪᠤᠯᠤᠭᠰᠠᠨ ᠶᠤᠮ᠃ 2005 ᠤᠨ ᠳᠤ | ᠮᠤᠩᠭᠤᠯ ᠤᠷᠳᠤ ᠶᠢᠨ ᠲᠠᠭᠤᠤ ᠮᠠᠨᠢ ᠲᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠭᠳᠡᠨ | ᠲᠠᠩᠰᠠᠯᠠᠭᠤᠯᠤᠭᠰᠠᠨ ᠪᠢᠯᠡ᠃ | ᠲᠦᠷᠪᠡ᠂ ᠦᠴᠦᠬᠡᠨ ᠮᠢᠨᠤ ᠦᠵᠡᠯᠳᠡ | ᠲᠡᠭᠡᠷᠡᠬᠢ ᠪᠤᠯ ᠭᠡᠷ ᠤᠨ ᠬᠦᠮᠦᠵᠢᠯ ᠤᠨ ᠬᠡᠤᠬᠡᠳ ᠢ ᠬᠦᠮᠦᠵᠢᠭᠦᠯᠬᠦ ᠮᠤᠩᠭᠤᠯ ᠤᠬᠠᠭᠠᠨ ᠤ ᠨᠢᠬᠡ ᠭᠡᠰᠡᠭ ᠯᠡ | ᠲᠡᠳᠦᠢ᠃ ᠮᠤᠩᠭᠤᠯ ᠭᠡᠷ ᠤᠨ ᠬᠦᠮᠦᠵᠢᠯ ᠳᠤ ᠲᠡᠭᠦᠨ ᠤ ᠮᠦᠨ ᠴᠢᠨᠠᠷ ᠨᠢ ᠪᠡᠯᠴᠢᠭᠡᠷ ︵ᠪᠠᠶᠢᠭᠠᠯᠢ︶ ᠤᠨ ᠠᠮᠢ ᠠᠬᠤᠢ ᠶᠢ | ᠠᠰᠢᠭᠯᠠᠵᠦ ᠬᠠᠮᠠᠭᠠᠯᠠᠬᠤ ᠦᠨᠳᠦᠰᠦᠯᠡᠯ ᠠᠴᠠ ᠡᠭᠦᠰᠴᠦ ᠮᠠᠯᠵᠢᠬᠤ ᠦᠢᠯᠡᠳᠪᠦᠷᠢᠯᠡᠯ ᠠᠮᠢᠳᠤᠷᠠᠯ ᠤᠨ ᠠᠵᠢᠯᠯᠠᠭ᠎ᠠ ᠪᠠᠨ | ᠶᠠᠪᠤᠭᠤᠯᠳᠠᠭ ᠶᠤᠰᠤᠨ ᠢ ᠲᠤᠮᠤᠭ ᠢᠶᠠᠷ ᠲᠠᠮᠵᠢᠭᠤᠯᠤᠨ ᠢᠯᠡᠷᠡᠭᠦᠯᠵᠦ ᠪᠠᠶᠢᠬᠤ᠂ ᠮᠤᠩᠭᠤᠯ ᠭᠡᠷ ᠤᠨ ᠪᠦᠳᠦᠴᠡ ᠨᠡᠭᠦᠳᠡᠯ ᠤᠨ | ᠦᠨᠳᠦᠰᠦᠨ ᠬᠡᠷᠡᠭᠰᠡᠯ ᠮᠡᠳᠡᠬᠦᠯᠬᠦ᠂ ᠬᠡᠤᠬᠡᠳ ᠲᠤ ᠦᠯᠢᠭᠡᠷ ᠬᠡᠯᠡᠵᠦ ᠤᠨᠢᠰᠤᠭ᠎ᠠ ᠲᠠᠭᠠᠯᠴᠠᠭᠠᠬᠤ ᠪᠠᠷ ᠲᠠᠮᠵᠢᠭᠤᠯᠤᠨ | ᠤᠶᠤᠨ ᠢ ᠨᠢ ᠨᠡᠭᠡᠭᠡᠬᠦ ᠶᠢ ᠢᠮᠠᠭᠳᠠ ᠠᠩᠬᠠᠷᠴᠦ ᠪᠠᠶᠢᠬᠤ᠂ ᠠᠶᠢᠮᠠᠭ ᠤᠭᠰᠠᠭ᠎ᠠ ᠶᠢ ᠨᠢ ᠮᠡᠳᠡᠭᠦᠯᠵᠦ ᠭᠠᠵᠠᠷ ᠤᠰᠤᠨ ᠢ ᠨᠢ | ᠲᠠᠨᠢᠭᠤᠯᠵᠦ ᠪᠠᠶᠢᠬᠤ᠂ ᠬᠡᠤᠬᠡᠳ ᠢ ᠪᠠᠭ᠎ᠠ ᠠᠴᠠ ᠨᠢ ᠰᠢᠰᠲ᠋ᠧᠮ ᠲᠠᠢ ᠪᠠᠷ ᠠᠮᠢᠳᠤᠷᠠᠯ ᠵᠠᠩ ᠦᠢᠯᠡ ᠪᠠᠷ ᠬᠦᠮᠦᠵᠢᠭᠦᠯᠬᠦ ᠶᠢ | ᠰᠤᠯᠠᠷᠠᠯ ᠦᠭᠡᠢ ᠠᠳᠬᠤᠵᠦ ᠪᠠᠶᠢᠬᠤ ᠪᠦᠬᠡᠳ ᠬᠡᠤᠬᠡᠳ ᠤᠳ ᠡᠷ᠎ᠡ ᠶᠢᠨ ᠴᠡᠭᠡᠯ ᠳᠤ ᠬᠦᠷᠤᠮᠡᠭᠴᠡ ᠪᠡᠶ᠎ᠡ ᠪᠠᠨ ᠲᠠᠭᠠᠭᠠᠭᠰᠠᠨ | ᠤᠢ ᠤᠬᠠᠭᠠᠨ ᠪᠦᠬᠦᠢ ᠠᠮᠢᠳᠤᠷᠠᠯ ᠤᠨ ᠬᠦᠴᠦᠨ ᠲᠠᠢ ᠪᠤᠯᠵᠦ ᠬᠦᠮᠦᠵᠢᠳᠡᠭ ᠵᠡᠷᠭᠡ ᠠᠭᠤᠯᠭ᠎ᠠ ᠶᠢ ᠲᠤᠰᠬᠠᠪᠠ᠃ ᠰᠢᠯᠢᠳᠡᠭ | ᠤᠯᠠᠮᠵᠢᠯᠠᠯ ᠠᠴᠠ ᠪᠢᠳᠡ ᠬᠡᠤᠬᠡᠳ ᠬᠦᠮᠦᠵᠢᠭᠦᠯᠬᠦ ᠠᠷᠭ᠎ᠠ ᠨᠢ ᠵᠠᠪᠠᠯ ᠪᠤᠳᠠᠳᠤ ᠠᠮᠢᠳᠤᠷᠠᠯ ᠤᠨ ᠮᠡᠳᠡᠯᠭᠡ ᠠᠴᠠ ᠰᠠᠭᠤᠷᠢᠯᠠᠵᠦ | ᠂ ᠬᠡᠯᠡᠵᠦ ᠪᠠᠶᠢᠬᠤ ᠦᠬᠡ ᠨᠢᠭᠡᠪᠦᠷᠢ ᠴᠢᠨᠢ ᠦᠨᠳᠦᠰᠦᠯᠡᠯ ᠲᠠᠢ ᠪᠠᠶᠢᠬᠤ᠂ ᠰᠤᠷᠭᠠᠵᠦ ᠪᠠᠶᠢᠬᠤ ᠶᠠᠪᠤᠳᠠᠯ ᠴᠢᠨᠢ ᠠᠮᠢᠳᠤᠷᠠᠯ | ᠲᠠᠢ ᠪᠠᠶᠢᠬᠤ᠂ ᠲᠡᠤᠬᠡ ᠲᠤᠮᠤᠭ ᠢᠶᠠᠷ ᠦᠪᠡᠷ ᠤᠨ ᠬᠢᠨᠢ ᠤᠭᠰᠠᠭ᠎ᠠ ᠶᠠᠰᠤᠳᠠᠨ ᠢ ᠨᠢ ᠮᠡᠳᠡᠭᠦᠯᠬᠦ ᠪᠠ ᠭᠠᠵᠠᠷ ᠤᠰᠤᠨ ᠢ ᠨᠢ | ᠲᠠᠨᠢᠭᠤᠯᠬᠤ ᠪᠠᠷ ᠤᠶᠤᠨ ᠤᠬᠠᠭᠠᠨ ᠢ ᠨᠢ ᠪᠠᠶᠠᠯᠢᠭᠵᠢᠭᠤᠯᠵᠦ ᠪᠠᠶᠢᠬᠤ ᠶᠢ ᠬᠠᠷᠠᠭᠤᠯᠵᠦ ᠪᠠᠶᠢᠨ᠎ᠠ᠃ ᠭᠠᠵᠠᠷ ᠤᠰᠤᠨ ᠳᠠᠭᠠᠨ | ᠬᠠᠶᠢᠷ᠎ᠠ ᠰᠡᠳᠭᠢᠯᠭᠡ ᠲᠠᠢ ᠬᠦᠮᠦᠨ ᠰᠠᠶ᠋ᠢ ᠠᠮᠢᠳᠤᠷᠠᠯ ᠢᠶᠠᠨ ᠬᠠᠶᠢᠷᠠᠯᠠᠵᠦ᠂ ᠠᠷᠠᠳ ᠲᠦᠮᠡᠨ ᠢᠶᠠᠨ ᠬᠠᠶᠢᠷᠠᠯᠠᠵᠦ᠂ ᠡᠬᠡ | ᠤᠷᠤᠨ ᠢᠶᠠᠨ ᠬᠠᠶᠢᠷᠠᠯᠠᠳᠠᠭ ᠬᠦᠮᠦᠨ ᠪᠤᠯᠵᠦ ᠬᠦᠮᠦᠵᠢᠵᠦ ᠴᠢᠳᠠᠨ᠎ᠠ᠃ | ᠤᠳᠤᠬᠢ ᠮᠠᠯᠵᠢᠬᠤ ᠤᠷᠤᠨ ᠤ ᠰᠤᠷᠭᠠᠨ ᠬᠦᠮᠦᠵᠢᠯ ᠬᠦᠷᠳᠡᠭᠰᠡᠳ ᠤᠨ ᠬᠡᠪ ᠤᠨ ᠪᠤᠶᠢᠵᠢᠯᠳᠡ ᠶᠠᠮᠠᠷ ᠪᠠᠶᠢᠬᠤ ᠲᠤᠬᠠᠢ | ᠰᠤᠳᠤᠯᠤᠭᠤᠰᠢᠳᠡᠢ ᠪᠦᠭᠡᠳ ᠬᠦᠨᠳᠦᠳᠭᠡᠭᠦᠰᠢᠳᠡᠢ ᠶᠠᠪᠤᠳᠠᠯ ᠪᠤᠯᠤᠨ᠎ᠠ᠃ ᠤᠶᠢᠷ᠎ᠠ ᠶᠢᠨ ᠵᠢᠯ ᠠᠴᠠ ᠶᠡᠭᠡ ᠰᠤᠷᠭᠠᠭᠤᠯᠢ | ᠲᠡᠭᠦᠰᠦᠭᠰᠡᠨ ᠤᠶᠤᠳᠠᠳ ᠠᠵᠢᠯ ᠤᠯᠬᠤ ᠦᠭᠡᠢ ᠪᠠᠶᠢᠭ᠎ᠠ ᠶᠢᠨ ᠦᠨᠳᠦᠰᠦᠨ ᠰᠢᠯᠳᠠᠭᠠᠨ ᠨᠢ ᠵᠦᠪᠬᠡᠨ ᠪᠢᠴᠢᠭ | ᠬᠠᠭᠤᠳᠠᠰᠤᠨ ᠤ ᠮᠡᠳᠡᠯᠭᠡ ᠲᠡᠳᠦᠢ ᠠᠴᠠ ᠪᠢᠰᠢ ᠵᠢᠩᠬᠢᠨᠢ ᠦᠢᠯᠡᠳᠦᠯᠭᠡ ᠲᠠᠢ ᠤᠶᠠᠯᠳᠤᠬᠤ ᠪᠠ ᠨᠡᠶᠢᠭᠡᠮ ᠲᠠᠢ ᠤᠶᠢᠷᠠᠳᠤᠬᠤ | ᠮᠡᠳᠡᠯᠭᠡ ᠴᠢᠳᠠᠪᠤᠷᠢ ᠶᠢ ᠡᠵᠡᠮᠰᠢᠭᠰᠡᠨ ᠲᠠᠯ᠎ᠠ ᠪᠠᠷ ᠲᠤᠳᠠᠮᠠᠭ ᠪᠠᠶᠢᠳᠠᠭ᠂ ᠡᠨᠡ ᠨᠢ ᠪᠤᠳᠠᠳᠤ ᠴᠤᠭᠴᠠ ᠶᠢ ᠭᠦᠬᠡᠬᠡᠴᠡᠯᠳᠤᠳᠡᠭ | ᠵᠠᠬ᠎ᠠ ᠲᠡᠯᠭᠡᠭᠦᠷ ᠤᠨ ᠬᠡᠷᠡᠭᠴᠡᠭᠡ ᠲᠠᠢ ᠲᠡᠩᠴᠦ ᠨᠡᠶᠢᠴᠡᠬᠦ ᠦᠭᠡᠢ ᠪᠤᠯᠤᠭᠰᠠᠨ ᠢᠯᠡᠷᠬᠡᠢ᠃ ᠮᠠᠯᠵᠢᠬᠤ ᠤᠷᠤᠨ ᠤ ᠤᠶᠤᠳᠠᠳ | ᠨᠢ ᠬᠤᠳᠠ ᠳᠤ ᠤᠷᠤᠵᠦ ᠠᠮᠢᠳᠤᠷᠠᠬᠤ ᠲᠤᠷᠠᠳᠠᠢ ᠪᠤᠯᠪᠠᠴᠦ ᠬᠤᠳᠠ ᠶᠢᠨ ᠬᠢᠳᠡᠯ ᠢ ᠮᠡᠳᠡᠬᠦ ᠦᠭᠡᠢ᠂ ᠬᠦᠳᠡᠭᠡ ᠬᠦᠷᠪᠡᠴᠦ | ᠬᠦᠳᠡᠭᠡ ᠶᠢᠨ ᠦᠢᠯᠡᠳᠪᠦᠷᠢᠯᠡᠯ ᠠᠮᠢᠳᠤᠷᠠᠯ ᠠᠴᠠ ᠵᠠᠶᠢᠳᠠᠴᠢᠭᠰᠠᠨ ᠲᠡᠨᠤᠭᠦᠯ ᠬᠦᠮᠦᠰ ᠤᠯᠠᠰᠢᠷᠠᠭᠰᠠᠨ ᠦᠵᠡᠭᠳᠡᠯ ᠭᠠᠵᠠᠷ | ᠰᠠᠶ᠎ᠠ ᠦᠭᠡᠢ ᠬᠠᠷᠠᠭᠳᠠᠵᠦ ᠪᠤᠢ᠃ ᠡᠨᠡ ᠨᠢ ᠶᠠᠭᠤ ᠶᠢ ᠬᠠᠷᠠᠭᠤᠯᠵᠦ ᠪᠠᠶᠢᠬᠤ ᠪᠤᠢ︖ ᠰᠢᠭᠤᠳ ᠬᠡᠯᠡᠪᠡᠯ ᠰᠤᠷᠭᠠᠨ | ᠬᠦᠮᠦᠵᠢᠯ ᠳᠤ ᠠᠰᠠᠭᠤᠳᠠᠯ ᠤᠷᠤᠰᠢᠵᠦ ᠪᠠᠶᠢᠬᠤ ᠶᠢ ᠲᠤᠰᠬᠠᠵᠦ ᠪᠠᠶᠢᠨ᠎ᠠ᠃ ᠠᠩᠬᠠᠨ ᠳᠤ ᠶᠡᠭᠡ ᠰᠤᠷᠭᠠᠭᠤᠯᠢ ᠶᠢᠨ | ᠤᠶᠤᠳᠠᠨ ᠭᠡᠪᠡᠯ ᠪᠢᠴᠢᠵᠦ ᠵᠢᠷᠤᠬᠤ᠂ ᠬᠡᠯᠡᠵᠦ ᠶᠠᠷᠢᠬᠤ᠂ ᠬᠡᠷᠡᠭ ᠪᠤᠳᠠᠰ ᠢ ᠰᠢᠨᠵᠢᠯᠡᠨ ᠰᠤᠳᠤᠯᠬᠤ ᠲᠠᠯ᠎ᠠ ᠪᠠᠷ ᠴᠢᠳᠠᠮᠠᠭᠠᠢ | ᠪᠠᠶᠢᠳᠠᠭ ᠢᠶᠠᠷ ᠨᠡᠶᠢᠭᠡᠮ ᠲᠡᠭᠡᠷ᠎ᠡ ᠬᠦᠨᠳᠦᠳᠭᠡᠭᠳᠡᠨ ᠬᠡᠷᠡᠭᠯᠡᠭᠳᠡᠳᠡᠭ᠂ ᠭᠡᠳᠡᠯ᠎ᠡ ᠤᠳᠤ ᠤᠯᠠᠩᠬᠢ ᠤᠶᠤᠳᠠᠳ ᠮᠡᠳᠡᠬᠦ ᠦᠭᠡᠢ | ᠴᠢᠳᠠᠬᠤ ᠦᠭᠡᠢ ᠨᠢ ᠤᠯᠠᠨᠳᠠᠢ ᠪᠤᠯᠤᠭᠰᠠᠨ ᠰᠢᠭ᠋ ᠠᠵᠢᠭᠯᠠᠭᠳᠠᠨ᠎ᠠ᠃ ᠨᠡᠩ ᠢᠯᠠᠩᠭᠤᠶ᠎ᠠ ᠮᠠᠯᠵᠢᠬᠤ ᠤᠷᠤᠨ ᠤ ᠬᠡᠤᠬᠡᠳ | ᠬᠤᠳᠠ ᠳᠤ ᠰᠤᠷᠭᠠᠭᠤᠯᠢ ᠶᠢ ᠲᠦᠪᠯᠡᠷᠡᠭᠦᠯᠦᠭᠰᠡᠨ ᠠᠴᠠ ᠪᠤᠯᠵᠦ᠂ ᠪᠠᠭ᠎ᠠ ᠠᠴᠠ ᠨᠢ ᠬᠦᠳᠡᠭᠡ ︵ᠭᠠᠳᠠᠭᠠᠳᠤ ᠤᠷᠴᠢᠨ︶ | ᠶᠢᠨ ᠪᠤᠳᠠᠳᠤ ᠤᠷᠴᠢᠨ ᠲᠤᠭᠤᠷᠢᠨ ᠤ ᠨᠦᠯᠦᠭᠡᠯᠡᠯ ᠢ ᠬᠦᠷᠳᠡᠬᠦ ᠦᠭᠡᠢ ᠪᠤᠯᠤᠭᠰᠠᠨ ᠢᠶᠠᠷ ᠭᠡᠷ ᠠᠴᠠ ᠴᠡᠴᠡᠷᠯᠢᠭ᠂ | ᠴᠡᠴᠡᠷᠯᠢᠭ ᠠᠴᠠ ᠰᠤᠷᠭᠠᠭᠤᠯᠢ ᠳᠤ ᠶᠠᠪᠤᠬᠤ ᠪᠤᠯᠤᠭᠰᠠᠨ ᠪᠠ ᠰᠤᠷᠭᠠᠭᠤᠯᠢ ᠶᠢᠨ ᠵᠢᠭᠠᠬᠤ ᠮᠠᠲ᠋ᠧᠷᠢᠶᠠᠯ ᠨᠢ ᠲᠠᠩ ᠴᠤᠯᠭᠤᠢ | ᠮᠦᠷᠳᠡᠭᠡᠨ ᠪᠠᠭᠰᠢ ᠨᠢ ᠪᠠᠰᠠ ᠵᠠᠯᠠᠭᠤ ᠬᠦᠮᠦᠨ ᠪᠠᠶᠢᠳᠠᠭ ᠢᠶᠠᠷ ᠨᠡᠶᠢᠭᠡᠮ ᠤᠨ ᠮᠡᠳᠡᠯᠭᠡ ᠮᠡᠭᠦᠰ᠂ ᠵᠢᠭᠠᠬᠤ ᠴᠢᠳᠠᠪᠤᠷᠢ ᠠᠨᠠᠢ | ᠵᠡᠷᠭᠡ ᠠᠴᠠ ᠬᠡᠤᠬᠡᠳ ᠪᠠᠭᠠᠴᠦᠳ ᠤᠨ ᠤᠶᠤᠨ ᠤ ᠨᠡᠭᠡᠭᠡᠯᠳᠡ ᠶᠢ ᠬᠢᠵᠦ ᠴᠢᠳᠠᠬᠤ ᠦᠭᠡᠢ ᠠᠴᠠ ᠪᠤᠯᠪᠠᠤ ᠭᠡᠵᠦ | ᠰᠡᠳᠭᠢᠭᠳᠡᠨᠡ᠃ ᠡᠶᠢᠮᠦᠷᠬᠦ ᠭᠦᠰᠢᠭᠦᠨ ᠪᠠᠶᠢᠳᠠᠯ ᠨᠢ ᠬᠤᠶᠢᠴᠢ ᠦᠶ᠎ᠡ ᠶᠢᠨ ᠬᠢᠨ ᠢ ᠬᠦᠮᠦᠵᠢᠭᠦᠯᠬᠦ ᠳᠤ ᠮᠠᠳᠠᠭ ᠲᠠᠢ | ᠠᠰᠠᠭᠤᠳᠠᠯ ᠢ ᠠᠪᠴᠢᠷᠠᠬᠤ ᠨᠢ ᠲᠠᠮᠵᠢᠭ ᠦᠭᠡᠢ ᠶᠤᠮ᠃ ᠮᠠᠯᠵᠢᠬᠤ ᠤᠷᠤᠨ ᠤ ᠰᠤᠷᠭᠠᠨ ᠬᠦᠮᠦᠵᠢᠯ ᠤᠨ ᠰᠢᠨ᠎ᠡ | ᠦᠭᠡᠷᠡᠴᠢᠯᠡᠯᠳᠡ ᠶᠢ ᠰᠢᠪᠳᠤᠯᠤᠯᠳᠠ ᠲᠠᠢ ᠬᠢᠵᠦ᠂ ᠶᠠᠭᠠᠬᠢᠪᠠᠯ ᠰᠠᠶ᠋ᠢ ᠮᠡᠳᠡᠯᠭᠡ ᠴᠢᠳᠠᠪᠤᠷᠢᠳᠠᠢ ᠬᠤᠶᠢᠴᠢ ᠦᠶ᠎ᠡ ᠶᠢ | ᠬᠦᠮᠦᠵᠢᠭᠦᠯᠬᠦ ᠠᠰᠠᠭᠤᠳᠠᠯ ᠢ ᠰᠡᠢᠳᠪᠦᠷᠢᠯᠡᠬᠦ ᠪᠤᠯ ᠨᠢᠭᠡᠨ ᠨᠠᠷᠢᠨ ᠬᠢᠨᠠᠮᠠᠭᠠᠢ ᠠᠵᠢᠯ ᠪᠦᠭᠡᠳ ᠭᠦᠨ ᠰᠤᠳᠤᠯᠤᠭᠤᠰᠢᠳᠠᠢ | ᠶᠠᠪᠤᠳᠠᠯ ᠪᠤᠯᠤᠨ᠎ᠠ᠃ | ᠭᠠᠵᠠᠷ ᠤᠷᠤᠨ ᠤ ᠰᠤᠶᠤᠯ ᠪᠤᠯ ᠲᠤᠮᠳᠠᠳᠤ ᠶᠢᠨ ᠦᠨᠳᠦᠰᠦᠳᠡᠨ ᠤ ᠤᠯᠠᠨ ᠡᠰᠢᠴᠢᠯᠡᠭᠰᠡᠨ ᠰᠤᠶᠤᠯ ᠤᠨ ᠴᠢᠬᠤᠯᠠ | ᠠᠭᠤᠯᠭ᠎ᠠ ᠪᠤᠯᠤᠨ᠎ᠠ᠂ ᠬᠡᠤᠬᠡᠳ ᠪᠠᠭᠠᠴᠦᠳ ᠤᠨ ᠬᠤᠪᠢ ᠪᠡᠶ᠎ᠡ ᠶᠢᠨ ᠦᠰᠦᠨ ᠪᠤᠶᠢᠵᠢᠬᠤ ᠶᠠᠪᠤᠴᠠ ᠳᠠᠬᠢ ᠴᠢᠬᠤᠯᠠ ᠪᠦᠬᠦᠢ | ᠤᠶᠤᠨ ᠰᠠᠨᠠᠭᠠᠨ ᠤ ᠰᠢᠮ᠎ᠡ ᠲᠡᠵᠢᠭᠡᠯ ᠪᠤᠯᠬᠤ ᠮᠦᠷᠳᠡᠭᠡᠨ ᠮᠠᠨ ᠤ ᠦᠪᠡᠷ ᠢ ᠪᠠᠨ ᠢᠳᠡᠭᠡᠬᠦ ᠰᠡᠳᠭᠢᠯᠭᠡ ᠶᠢᠨ ᠵᠤᠷᠢᠭ | ᠰᠠᠨᠠᠭᠠᠨ ᠤ ᠲᠦᠰᠢᠭ ᠲᠤᠯᠭᠠᠭᠤᠷᠢ ᠪᠤᠯᠤᠨ᠎ᠠ᠃ ᠭᠠᠵᠠᠷ ᠤᠷᠤᠨ ᠤ ᠰᠤᠶᠤᠯ ᠢ ᠰᠤᠷᠭᠠᠭᠤᠯᠢ ᠶᠢᠨ ᠬᠦᠷᠢᠶᠡᠨ ᠳᠤ | ᠤᠷᠤᠭᠤᠯᠪᠠᠯ ᠤᠳᠤᠬᠢ ᠰᠤᠷᠭᠠᠨ ᠬᠦᠮᠦᠵᠢᠯ ᠤᠨ ᠲᠠᠩ ᠴᠤᠯᠭᠤᠢ ᠵᠢᠭᠠᠬᠤ ᠮᠠᠲ᠋ᠧᠷᠢᠶᠠᠯ ᠤᠨ ᠬᠦᠷᠢᠶ᠎ᠡ ᠬᠡᠪᠴᠢᠶ᠎ᠠ ᠶᠢ | ᠦᠷᠭᠡᠳᠭᠡᠵᠦ ᠪᠤᠯᠬᠤ ᠮᠦᠷᠳᠡᠭᠡᠨ ᠡᠯᠪᠡᠭ ᠪᠠᠶᠠᠯᠢᠭ ᠤᠶᠤᠨ ᠤ ᠲᠠᠯ᠎ᠠ ᠶᠢᠨ ᠠᠭᠤᠯᠭ᠎ᠠ ᠶᠢ ᠪᠠᠶᠠᠯᠢᠭᠵᠢᠭᠤᠯᠵᠦ ᠴᠢᠳᠠᠨ᠎ᠠ᠃ | ᠢᠩᠭᠢᠪᠡᠯ ᠬᠡᠤᠬᠡᠳ ᠪᠠᠭᠠᠴᠦᠳ ᠪᠠᠭ᠎ᠠ ᠠᠴᠠ ᠪᠠᠨ ᠭᠠᠵᠠᠷ ᠨᠤᠲᠤᠭ ᠢᠶᠠᠨ ᠮᠡᠳᠡᠷᠡᠨ ᠲᠠᠨᠢᠵᠦ ᠤᠭᠰᠠᠭ᠎ᠠ ᠶᠠᠰᠤᠳᠠᠨ ᠢᠶᠠᠨ | ᠤᠶᠢᠯᠠᠭᠠᠵᠦ᠂ ᠡᠬᠡ ᠭᠠᠵᠠᠷ ᠲᠠᠭᠠᠨ ᠬᠠᠶᠢᠷ᠎ᠠ ᠰᠡᠳᠬᠢᠯᠭᠡ ᠲᠠᠢ ᠪᠤᠯᠵᠦ᠂ ᠦᠨᠳᠦᠰᠦᠳᠡᠨ ᠤ ᠪᠠᠨ ᠰᠤᠶᠤᠯ ᠵᠠᠩ ᠦᠢᠯᠡ ᠲᠠᠢ | ᠠᠭᠤᠰᠤᠯᠴᠠᠨ ᠦᠰᠴᠤ ᠬᠦᠮᠦᠵᠢᠬᠦ ᠪᠤᠯᠬᠤᠷ ᠤᠯᠠᠨ ᠲᠠᠯ᠎ᠠ ᠶᠢᠨ ᠮᠡᠳᠡᠯᠭᠡ ᠴᠢᠳᠠᠪᠤᠷᠢ ᠲᠠᠢ᠂ ᠠᠮᠢᠳᠤᠷᠠᠯ ᠤᠨ ᠬᠦᠴᠦᠨ ᠲᠠᠢ | ᠪᠤᠯᠵᠦ ᠬᠦᠮᠦᠵᠢᠵᠦ ᠴᠢᠳᠠᠨ᠎ᠠ᠃ |