ᠮᠤᠩᠭᠤᠯ ᠦᠨᠳᠦᠰᠦᠳᠡᠨ ᠤ ᠨᠢᠬᠡᠳᠦᠬᠡᠷ ᠪᠠᠭ᠎ᠠ ᠰᠤᠷᠭᠠᠭᠤᠯᠢ ᠶᠢᠨ ᠬᠡᠰᠡᠭ ᠪᠠᠭᠰᠢ ᠨᠠᠷ ᠮᠤᠩᠭᠤᠯ ᠤᠯᠤᠰ ᠲᠤ ᠬᠦᠷᠴᠤ ᠵᠢᠭᠠᠨ ᠰᠤᠷᠭᠠᠯᠳᠠ ᠶᠢᠨ ᠳᠤᠷᠰᠢᠯᠭ᠎ᠠ ᠰᠤᠯᠢᠯᠴᠠᠬᠤ ᠠᠵᠢᠯᠯᠠᠭ᠎ᠠ ᠦᠷᠨᠢᠬᠦᠯᠪᠡ
ᠨᠡᠶᠢᠲᠡᠯᠡᠭᠰᠡᠨ ᠴᠠᠭ᠄
2017/4/26
         ᠮᠤᠩᠭᠤᠯ ᠦᠨᠳᠦᠰᠦᠳᠡᠨ ᠤ ᠨᠢᠬᠡᠳᠦᠬᠡᠷ ᠪᠠᠭ᠎ᠠ ᠰᠤᠷᠭᠠᠭᠤᠯᠢ ᠶᠢᠨ ᠬᠡᠰᠡᠭ          ᠪᠠᠭᠰᠢ ᠨᠠᠷ ᠮᠤᠩᠭᠤᠯ ᠤᠯᠤᠰ ᠲᠤ ᠬᠦᠷᠴᠤ ᠵᠢᠭᠠᠨ  ᠰᠤᠷᠭᠠᠯᠳᠠ  ᠎ ᠶᠢᠨ          ᠳᠤᠷᠰᠢᠯᠭ᠎ᠠ      ᠰᠤᠯᠢᠯᠴᠠᠬᠤ      ᠠᠵᠢᠯᠯᠠᠭ᠎ᠠ      ᠦᠷᠨᠢᠬᠦᠯᠪᠡ      2017 ᠤᠨ ᠤ 4 ᠳ᠋ᠥ᠋ᠬᠡᠷ ᠰᠠᠷ᠎ᠠ ᠶᠢᠨ 19 — 22᠎ ᠤᠨ ᠡᠳᠦᠷ ᠪᠤᠯᠳᠠᠯ᠎ᠠ᠂ ᠮᠠᠨ ᠤ ᠰᠤᠷᠭᠠᠭᠤᠯᠢ ᠶᠢᠨ ᠵᠢᠷᠭᠤᠭᠠᠨ ᠪᠠᠭᠰᠢ ᠲᠠᠢ ᠳᠤᠭᠤᠷᠢᠨ ᠰᠤᠷᠤᠯᠴᠠᠬᠤ ᠪᠦᠯᠬᠦᠮ ᠨᠢ ᠮᠤᠩᠭᠤᠯ ᠤᠯᠤᠰ ᠤᠨ ᠤᠯᠠᠭᠠᠨᠪᠠᠭᠠᠳᠤᠷ ᠬᠤᠳᠠ ᠶᠢᠨ ᠪᠠᠶᠠᠨᠵᠢᠷᠤᠬᠡ ᠳᠡᠬᠦᠷᠬᠡ ᠶᠢᠨ ᠤᠯᠤᠰ ᠤᠨ ᠳᠡᠷᠢᠬᠦᠨ ᠤ 84 ᠳ᠋ᠦ᠋ᠬᠡᠷ ᠰᠤᠷᠭᠠᠭᠤᠯᠢ ᠶᠢᠨ ᠪᠠᠭᠰᠢ ᠨᠠᠷ ᠲᠠᠢ ᠵᠢᠭᠠᠨ ᠰᠤᠷᠭᠠᠯᠳᠠ ᠶᠢᠨ ᠳᠤᠷᠰᠢᠯᠭ᠎ᠠ ᠰᠤᠯᠢᠯᠴᠠᠬᠤ ᠬᠠᠮᠳᠤ ᠶᠢᠨ ᠠᠵᠢᠯᠯᠠᠭ᠎ᠠ ᠦᠷᠨᠢᠬᠦᠯᠪᠡ᠃      ᠠᠵᠢᠯᠯᠠᠭ᠎ᠠ ᠨᠢ ᠰᠤᠷᠭᠠᠭᠤᠯᠢ ᠲᠠᠢ ᠳᠠᠨᠢᠯᠴᠠᠬᠤ᠂ ᠬᠢᠴᠢᠶᠡᠯ ᠰᠤᠨᠤᠰᠬᠤ᠂ ᠬᠢᠴᠢᠶᠡᠯ ᠦᠨᠡᠯᠡᠬᠦ ᠬᠡᠯᠡᠯᠴᠡᠬᠦᠯᠦᠯᠬᠡ ᠳᠤ ᠤᠷᠤᠯᠴᠠᠬᠤ᠂ ᠤᠷᠠᠯᠢᠭ ᠤᠨ ᠳᠤᠭᠯᠠᠯᠳᠠ ᠰᠤᠨᠢᠷᠬᠠᠬᠤ᠂ ᠴᠢᠯᠦᠬᠡᠳᠦ ᠶᠠᠷᠢᠯᠴᠠᠭ᠎ᠠ ᠵᠡᠷᠬᠡ ᠠᠭᠤᠯᠭ᠎ᠠ ᠪᠠᠷ ᠶᠠᠪᠤᠭᠳᠠᠵᠤ᠂  19᠎ ᠤ ᠡᠳᠦᠷ ᠤᠨ ᠦᠳᠡ ᠶᠢᠨ ᠡᠮᠦᠨ᠎ᠡ ᠰᠤᠷᠭᠠᠭᠤᠯᠢ ᠲᠠᠢ ᠳᠠᠨᠢᠯᠴᠠᠵᠤ᠂ ᠦᠳᠡ ᠶᠢᠨ ᠬᠤᠶᠢᠨ᠎ᠠ ᠠᠴᠠ ᠡᠬᠢᠯᠡᠨ ᠬᠢᠴᠢᠶᠡᠯ ᠰᠤᠨᠤᠰᠪᠠ᠃      ᠮᠤᠩᠭᠤᠯ ᠬᠡᠯᠡ᠂ ᠢᠷᠬᠡᠨ ᠤ ᠪᠤᠯᠪᠠᠰᠤᠷᠠᠯ᠂ ᠬᠦᠮᠦᠨ ᠤᠷᠴᠢᠨ᠂ ᠳᠤᠭᠠᠨ ᠤ ᠤᠬᠠᠭᠠᠨ ᠵᠡᠷᠬᠡ ᠳᠥᠷᠥᠯ ᠤᠨ ᠬᠢᠴᠢᠶᠡᠯ ᠰᠤᠨᠤᠰᠤᠨ᠂ ᠳᠠᠷᠠᠭ᠎ᠠ ᠨᠢ ᠬᠠᠮᠳᠤ ᠪᠠᠷ ᠬᠢᠴᠢᠶᠡᠯ ᠦᠨᠡᠯᠡᠬᠦ ᠬᠡᠯᠡᠯᠴᠡᠬᠦᠯᠦᠯᠬᠡ ᠳᠤ ᠤᠷᠤᠯᠴᠠᠵᠤ᠂ ᠬᠤᠶᠠᠷ ᠰᠤᠷᠭᠠᠭᠤᠯᠢ ᠶᠢᠨ ᠪᠠᠭᠰᠢ ᠨᠠᠷ ᠰᠤᠷᠤᠭᠴᠢ ᠶᠢᠨ ᠠᠵᠢᠯᠯᠠᠭ᠎ᠠ᠂ ᠪᠠᠭᠰᠢ ᠶᠢᠨ  ᠠᠵᠢᠯᠯᠠᠭ᠎ᠠ᠂ ᠳᠡᠪᠳᠡᠷ ᠤᠨ ᠠᠭᠤᠯᠭ᠎ᠠ᠂ ᠰᠠᠮᠪᠠᠷ᠎ᠠ ᠶᠢᠨ ᠠᠰᠢᠭᠯᠠᠯᠳᠠ ᠵᠡᠷᠬᠡ ᠳᠠᠯ᠎ᠠ ᠪᠠᠷ ᠠᠵᠢᠭᠯᠠᠵᠤ ᠤᠶᠢᠯᠠᠭᠠᠭᠰᠠᠨ ᠢᠶᠠᠨ ᠦᠨᠡᠯᠡᠨ᠂ ᠬᠠᠷᠢᠯᠴᠠᠨ ᠳᠤᠷᠰᠢᠯᠭ᠎ᠠ ᠪᠠᠨ ᠰᠤᠯᠢᠯᠴᠠᠵᠤ᠂ ᠬᠢᠴᠢᠶᠡᠯ ᠪᠡᠯᠡᠳᠬᠡᠬᠦ᠂ ᠬᠢᠴᠢᠶᠡᠯ ᠤᠷᠤᠬᠤ᠂ ᠬᠢᠴᠢᠶᠡᠯ ᠦᠨᠡᠯᠡᠬᠦ ᠵᠢᠴᠢ ᠰᠤᠷᠤᠭᠴᠢ ᠶᠢ ᠬᠡᠷᠬᠢᠨ ᠤᠷᠮᠠᠰᠢᠭᠤᠯᠬᠤ᠂ ᠮᠡᠳᠡᠯᠬᠡ ᠮᠡᠷᠬᠡᠵᠢᠯ ᠢ ᠬᠡᠷᠬᠢᠨ ᠠᠮᠢᠳᠤᠯᠢᠭ ᠰᠤᠷᠭᠠᠬᠤ ᠳᠠᠯ᠎ᠠ ᠪᠠᠷ ᠶᠡᠬᠡᠬᠡᠨ ᠤᠯᠤᠯᠳᠠ ᠲᠠᠢ ᠪᠤᠯᠪᠠ᠃ᠠᠵᠢᠯᠯᠠᠭ᠎ᠠ ᠳᠤᠮᠳᠠ ᠪᠠᠰᠠ ᠰᠤᠷᠭᠠᠭᠤᠯᠢ ᠶᠢᠨ ᠵᠠᠬᠢᠷᠤᠯ᠂ ᠵᠢᠭᠠᠨ ᠰᠤᠷᠭᠠᠯᠳᠠ ᠶᠢᠨ ᠬᠠᠮᠢᠶᠠᠷᠤᠯᠳᠠ ᠶᠢᠨ ᠳᠡᠳ᠋ ᠵᠠᠬᠢᠷᠤᠯ᠂ ᠵᠢᠭᠠᠨ ᠰᠤᠷᠭᠠᠯᠳᠠ ᠶᠢᠨ ᠳᠤᠭᠤᠶᠢᠯᠠᠩ ᠤᠨ ᠳᠠᠷᠤᠭ᠎ᠠ ᠵᠢᠴᠢ ᠡᠯ᠎ᠡ ᠬᠢᠴᠢᠶᠡᠯ ᠳᠥᠷᠥᠯ ᠤᠨ ᠪᠠᠭᠰᠢ ᠨᠠᠷ ᠲᠠᠢ ᠴᠢᠯᠦᠬᠡᠳᠦ ᠶᠠᠷᠢᠯᠴᠠᠭ᠎ᠠ ᠦᠷᠨᠢᠬᠦᠯᠵᠦ᠂ ᠰᠤᠷᠭᠠᠭᠤᠯᠢ ᠡᠷᠬᠢᠯᠡᠵᠦ ᠪᠠᠶᠢᠭ᠎ᠠ ᠠᠷᠭ᠎ᠠ ᠠᠪᠴᠠᠯ᠂ ᠨᠡᠬᠡᠬᠡᠵᠦ ᠪᠠᠶᠢᠭ᠎ᠠ ᠬᠢᠴᠢᠶᠡᠯ ᠳᠥᠷᠥᠯ᠂ ᠬᠢᠴᠢᠶᠡᠯ ᠤᠨ ᠪᠢᠴᠢᠭ ᠤᠨ ᠠᠭᠤᠯᠭ᠎ᠠ᠂ ᠪᠠᠭᠰᠢ ᠨᠠᠷ ᠤᠨ ᠠᠵᠢᠯ ᠤᠨ ᠬᠦᠨᠳᠦᠴᠡ᠂ ᠬᠢᠴᠢᠶᠡᠯᠯᠡᠬᠦ ᠠᠷᠭ᠎ᠠ ᠵᠦᠢ ᠶᠢᠨ ᠳᠤᠬᠠᠢ ᠶᠠᠷᠢᠯᠴᠠᠨ᠂ ᠰᠤᠷᠭᠠᠭᠤᠯᠢ ᠶᠢᠨ ᠪᠦᠬᠦ ᠳᠠᠯ᠎ᠠ ᠶᠢᠨ ᠠᠵᠢᠯ ᠳᠤ ᠨᠡᠩ ᠬᠦᠨᠵᠡᠬᠡᠢ ᠤᠶᠢᠯᠠᠭᠠᠯᠳᠠ ᠲᠠᠢ ᠪᠤᠯᠵᠤ᠂ ᠭᠠᠨᠵᠤᠭ᠎ᠠ ᠳᠥᠬᠦᠷᠡᠩ ᠪᠤᠴᠠᠵᠤ ᠢᠷᠡᠪᠡ᠃
 
ᠢᠷᠡᠯᠲᠡ᠄ ᠮᠤᠩᠭᠤᠯ ᠦᠨᠳᠦᠰᠦᠳᠡᠨ ᠤ ᠨᠢᠬᠡᠳᠦᠬᠡᠷ ᠪᠠᠭ᠎ᠠ ᠰᠤᠷᠭᠠᠭᠤᠯᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号