ᠡᠭᠡᠪᠤᠯᠠᠭ ᠭᠡᠤᠭᠡᠳ ᠤᠨ ᠴᠡᠴᠡᠷᠯᠢᠭ ᠤᠨ ᠲᠡᠨᠢᠯᠴᠠᠭᠤᠯᠭ᠎ᠠ
ᠨᠡᠶᠢᠲᠡᠯᠡᠭᠰᠡᠨ ᠴᠠᠭ᠄
2017/4/21
     ᠬᠦᠮᠦᠨ ᠠᠷᠡᠳ ᠤᠨ ᠢᠶᠠᠨ ᠬᠦᠰᠡᠯ ᠢᠲᠡᠭᠡᠯ ᠢ ᠬᠤᠷᠤᠶᠢᠯᠠᠵᠥ᠂ ᠭᠡᠤᠭᠡᠳ ᠲᠡᠬᠦᠨᠡᠷ ᠤᠨ ᠢᠶᠠᠨ ᠬᠠᠶᠢᠷ᠎ᠠ ᠶᠢᠨ ᠮᠡᠯᠮᠡᠢ ᠶᠢ ᠮᠢᠯᠢᠶᠠᠭᠰᠠᠠ ᠡᠭᠡᠪᠤᠯᠠᠭ ᠭᠡᠤᠭᠡᠳ ᠤᠨ  ᠴᠡᠴᠡᠷᠯᠢᠭ ᠨᠢ 2015 ᠤᠨ ᠳᠤ ᠡᠵᠢᠨᠠᠭᠤᠷ ᠪᠡᠯᠭᠠᠰᠤᠨ ᠳᠤ  ᠪᠠᠶᠢᠭᠤᠯᠤᠭᠳᠠᠭᠰᠠᠠ᠂ ᠵᠡᠬᠦᠨ ᠦᠵᠦᠮᠦᠴᠢᠨ ᠬᠤᠰᠢᠭᠤᠨ ᠤ ᠦᠨᠳᠤᠰᠤᠳᠠᠨ ᠤ ᠭᠡᠤᠭᠡᠳ ᠤᠨ ᠴᠡᠴᠡᠷᠯᠢᠭ ᠤᠨ ᠬᠠᠷᠢᠶ᠎ᠠ ᠴᠡᠴᠡᠷᠯᠢᠭ ᠪᠤᠯᠤᠨ᠎ᠠ᠃      ᠳᠤᠰ ᠴᠡᠴᠡᠷᠯᠢᠭ ᠨᠢ 1312 ᠲᠡᠭᠰᠢ ᠲᠦᠷᠪᠡᠯᠵᠢᠨ ᠮᠧᠲᠷ ᠤᠨ ᠵᠢᠭᠠᠨ ᠰᠤᠷᠭᠠᠯᠳᠠ ᠶᠢᠨ ᠠᠰᠡᠷ ᠲᠠᠢ ᠪᠠᠶᠢᠵᠥ᠂ ᠭᠤᠷᠪᠠᠨ ᠠᠩᠭᠢ ᠶᠢᠨ ᠲᠢᠩᠬᠢᠮ᠂ 90  ᠭᠡᠤᠭᠡᠳ ᠬᠢᠴᠢᠶᠡᠯᠯᠡᠬᠦ ᠪᠤᠯᠤᠮᠵᠢ ᠲᠠᠢ ᠪᠦᠭᠡᠳ ᠳᠤᠰᠬᠠᠢ ᠬᠦᠲᠡᠯᠭᠡᠭᠡᠨ ᠤ ᠳᠠᠰᠤᠭ᠂ ᠤᠨᠳᠠᠯᠭ᠎ᠠ ᠶᠢᠨ ᠦᠷᠤᠭᠡ᠂ ᠳᠤᠭᠤᠭᠠᠯᠠᠬᠤ ᠦᠷᠦᠭᠡ᠂ ᠠᠮᠤᠷ ᠢ ᠬᠠᠮᠠᠭᠠᠯᠠᠬᠤ ᠳᠠᠰᠤᠭ᠂ ᠪᠠᠭᠰᠢᠨᠡᠷ ᠤᠨ ᠪᠠᠶᠢᠷᠢ ᠶᠢ ᠪᠦᠷᠢᠯᠳᠤᠬᠦᠯᠵᠥ ᠪᠦᠬᠦ ᠨᠡᠶᠢᠲᠡ ᠡᠵᠡᠯᠡᠬᠦ ᠲᠡᠯᠡᠪᠡᠢ ᠨᠢ 3996 ᠳᠡᠭᠰᠢ ᠲᠦᠷᠪᠡᠯᠵᠢᠨ ᠮᠧᠲᠷ  ᠪᠠᠶᠢᠳᠠᠭ᠃      ᠡᠬᠦᠨ ᠳᠤ ᠭᠤᠷᠪᠡᠨ ᠬᠦᠲᠡᠯᠭᠡᠭᠡᠨ ᠤ ᠳᠠᠰᠤᠭ ᠲᠠᠢ ᠪᠠᠶᠢᠵᠥ᠂ ᠭᠡᠤᠭᠡᠳ ᠲᠤ ᠳᠤᠭᠯᠠᠭᠠᠮ ᠤᠨ ᠳᠤᠮᠳᠠ ᠮᠡᠳᠡᠯᠭᠡ ᠡᠵᠡᠮᠰᠢᠬᠦ᠂ ᠦᠪᠡᠷ ᠢ ᠪᠠᠨ ᠳᠠᠭᠠᠭᠠᠬᠤ᠂ ᠬᠠᠮᠳᠤ ᠶᠢᠨ ᠠᠮᠢᠳᠤᠷᠡᠯ ᠳᠤᠮᠳᠠ ᠪᠠᠶᠠᠷ ᠪᠠᠶᠠᠰᠤᠯ ᠢ ᠡᠳ᠋ᠯᠡᠬᠦ ᠤᠬᠢ ᠰᠠᠶᠢᠨ ᠨᠦᠬᠦᠴᠠᠯ ᠢ ᠪᠦᠷᠢᠯᠳᠤᠬᠦᠯᠦᠨ ᠦᠭᠬᠦᠭᠰᠡᠡ ᠪᠡᠶᠢᠨ᠎ᠡ᠃ ᠴᠡᠴᠡᠷᠯᠢᠭ ᠤᠨ ᠬᠦᠷᠢᠶᠡᠨ ᠤ ᠳᠤᠬᠢᠷᠡᠭᠤᠯᠤᠯᠳᠠ ᠵᠦᠢ ᠵᠤᠬᠢᠰᠳᠡᠢ ᠪᠡᠶᠢᠵᠥ ᠳᠤᠮᠤ ᠭᠡᠯᠪᠡᠷᠢ ᠶᠢᠨ ᠳᠤᠭᠯᠠᠭᠠᠮ ᠤᠨ ᠭᠡᠷᠡᠭᠰᠡᠯ ᠵᠢᠴᠢ ᠬᠤᠪᠠᠨᠴᠢᠷ ᠲᠡᠪᠢᠰᠭᠡᠷ ᠲᠡᠪᠢᠰᠤᠭ᠍ᠰᠡᠡ ᠲᠡᠮᠢᠷ ᠤᠨ ᠲᠡᠯᠡᠪᠤᠷ ᠨᠢ ᠭᠡᠤᠭᠡᠳ ᠤᠳ ᠤᠨ ᠪᠡᠶ᠎ᠡ ᠮᠠᠬᠠᠪᠤᠳ ᠡᠷᠡᠬᠦᠯ ᠡᠩᠭᠡ ᠪᠠᠷ ᠦᠰᠦᠨ ᠪᠤᠶᠢᠵᠢᠬᠤ ᠶᠢᠨ ᠰᠠᠭᠤᠷᠢ ᠪᠤᠯᠵᠥ᠂ ᠡᠯ᠎ᠠ ᠲᠦᠷᠦᠯ ᠤᠨ ᠲᠡᠮᠢᠷ ᠤᠨ ᠬᠦᠲᠡᠯᠭᠡᠭᠡᠨ ᠪᠡ ᠭᠡᠷ ᠤᠨ ᠭᠠᠳᠠᠨᠠᠬᠢ  ᠬᠦᠲᠡᠯᠭᠡᠭᠡᠨ ᠢ  ᠦᠷᠨᠢᠬᠦᠯᠬᠦ ᠨᠢ ᠳᠤᠳᠠᠭᠳᠠᠵᠥ ᠪᠤᠯᠤᠰᠢ ᠦᠭᠡᠢ ᠨᠦᠬᠦᠴᠡᠯ   ᠢ ᠪᠦᠷᠢᠯᠳᠤᠬᠦᠯᠵᠥ ᠦᠭᠴᠡᠢ᠃      ᠤᠳᠤᠬᠠᠨ ᠮᠠᠠ ᠤ ᠴᠡᠴᠡᠷᠯᠢᠭ ᠨᠢ ᠶᠢᠰᠤᠨ ᠪᠠᠭᠰᠢ ᠠᠵᠢᠯᠳᠠᠨ ᠲᠠᠢ᠂ ᠭᠤᠴᠢ ᠭᠠᠷᠤᠢ ᠬᠡᠤᠭᠡᠳ ᠲᠠᠢ ᠪᠠᠶᠢᠵᠥ᠂ ᠭᠠᠷᠠᠭ ᠤᠨ ᠳᠦᠷᠢᠮᠳᠤ  ᠴᠡᠴᠡᠷᠯᠢᠭ ᠪᠤᠯᠤᠨ᠎ᠠ᠃ ᠵᠡᠬᠦᠨ ᠦᠵᠦᠮᠦᠴᠢᠨ ᠤ ᠦᠨᠳᠤᠰᠤᠳᠠᠨ ᠤ ᠭᠡᠤᠭᠡᠳ  ᠤᠨ ᠴᠡᠴᠡᠷᠯᠢᠭ ᠠᠴᠠ ᠳᠤᠰᠬᠠᠢ ᠪᠠᠭᠰᠢ ᠳᠤᠮᠢᠯᠠᠠ ᠴᠡᠴᠡᠷᠯᠢᠭ ᠤᠨ ᠪᠦᠬᠦ ᠲᠡᠯ᠎ᠠ ᠶᠢᠨ ᠠᠵᠢᠯ ᠢ ᠬᠢᠨᠡᠡ ᠬᠠᠮᠢᠶᠠᠷᠤᠭᠤᠯᠤᠨ᠂ ᠵᠡᠯᠠᠭᠤ  ᠪᠠᠭᠰᠢᠨᠠᠷ ᠤᠨ ᠠᠵᠢᠯ ᠤᠨ ᠳᠤᠮᠳᠠᠬᠢ ᠬᠦᠴᠢᠷᠲᠡᠯ ᠢ ᠰᠢᠢᠳᠪᠦᠷᠢᠯᠠᠵᠥ ᠬᠠᠮᠳᠤᠪᠡᠷ ᠲᠡᠪᠰᠢᠬᠤ ᠳᠤ ᠨᠢ ᠲᠦᠯᠬᠢᠴᠡ ᠬᠦᠴᠤᠨ ᠤᠯᠭᠤᠵᠡᠢ᠃      ᠴᠡᠴᠡᠷᠯᠢᠭ ᠤᠨ ᠰᠤᠷᠭᠠᠨ ᠬᠦᠮᠦᠵᠢᠯ ᠤᠨ ᠬᠦᠲᠡᠯᠭᠡᠭᠡᠨ ᠳᠤ ᠪᠠᠨ ᠲᠡᠪᠤᠨ ᠬᠦᠷᠢᠶᠡᠨ ᠤ ᠬᠦᠭᠵᠢᠯᠲᠡ ᠶᠢᠨ ᠱᠠᠭᠠᠷᠳᠠᠯᠭ᠎ᠠ ᠶᠢ ᠬᠦᠨᠳᠤᠳᠭᠡᠨ ︽3 —6 ᠨᠠᠰᠤᠨ ᠤ ᠭᠡᠤᠭᠡᠳ ᠤᠨ ᠰᠤᠷᠬᠤᠢ ᠪᠡ ᠬᠦᠭᠵᠢᠬᠦᠢ ᠶᠢᠨ ᠵᠦᠭᠯᠡᠬᠦᠷ︾  ᠢᠶᠠᠷ ᠭᠤᠤᠯ ᠵᠢᠯᠤᠭᠤᠳᠤᠮᠵᠢ ᠪᠤᠯᠭᠠᠨ ︽ᠲᠡᠩᠰᠤᠭ ᠠᠶᠠᠯᠭᠤᠨ — ᠲᠡᠭᠤᠤ ᠬᠦᠭᠵᠢᠮ ᠤᠨ ᠬᠦᠲᠡᠯᠭᠡᠭᠡᠨ︾ ᠪᠡ ᠲᠡᠮᠢᠷ ᠤᠨ ᠬᠦᠲᠡᠯᠭᠡᠭᠡᠨ ᠢ ᠭᠤᠤᠯᠴᠢᠯᠡᠡ ᠶᠠᠪᠤᠭᠳᠠᠭᠤᠯᠵᠥ ᠪᠠᠶᠢᠬᠤ ᠪᠦᠭᠡᠳ ︽ᠮᠤᠨᠲ᠋ᠧᠰᠤᠷᠢ ᠶᠢᠨ ᠰᠤᠷᠭᠠᠨ ᠬᠦᠮᠦᠵᠢᠯ︾ ᠤᠨ ᠠᠩᠭᠢ ᠶᠢ ᠡᠷᠬᠢᠯᠡᠭᠰᠡᠡ ᠪᠠᠶᠢᠨ᠎ᠠ᠃  ᠵᠢᠭᠠᠨ ᠰᠤᠷᠭᠠᠯᠳᠠ ᠶᠢᠨ ᠬᠦᠲᠡᠯᠭᠡᠭᠡᠨ ᠢᠶᠠᠨ ᠶᠠᠪᠤᠭᠳᠠᠭᠤᠯᠬᠤ ᠶᠢᠨ ᠬᠠᠮᠳᠤ ᠤᠷᠤᠨ ᠨᠤᠳᠤᠭ ᠤᠨ ᠤᠨᠴᠠᠯᠢᠭ᠂ ᠦᠨᠳᠤᠰᠤᠳᠠᠨ ᠤ ᠪᠠᠨ ᠤᠤᠭᠠᠯ ᠰᠤᠶᠤᠯ ᠠᠴᠠ ᠰᠢᠮ᠎ᠠ ᠠᠪᠴᠤ ᠦᠨᠳᠤᠰᠤᠳᠠᠨ ᠤ ᠵᠡᠩ ᠦᠢᠯᠡ ᠶᠢᠨ ᠤᠨᠴᠠᠯᠢᠭᠳᠤ ᠬᠦᠲᠡᠯᠭᠡᠭᠡᠨ ᠢ ᠤᠶᠠᠯᠳᠤᠭᠤᠯᠤᠭᠰᠠᠠ ᠠᠴᠠ ᠦᠷᠭᠡᠨ ᠤᠯᠠᠠ ᠭᠡᠷ ᠤᠨ ᠠᠬᠠᠮᠠᠳ ᠤᠨ ᠪᠠᠳᠤᠳᠠᠢ ᠨᠤᠳᠠᠯᠠᠯᠳᠠ ᠶᠢ ᠤᠯᠤᠭᠰᠡᠡ ᠪᠠᠶᠢᠨ᠎ᠠ᠃      ᠢᠲᠡᠭᠡᠯ ᠤᠨ ᠬᠦᠴᠦᠨ ᠳᠤ ᠬᠢᠯᠡᠯᠵᠡᠵᠥ᠂ ᠢᠷᠡᠭᠡᠳᠤᠢ ᠶᠢᠨ ᠨᠡᠷᠡᠨ ᠢ ᠡᠷᠬᠦᠭᠰᠡᠡ ᠡᠭᠡᠪᠤᠯᠠᠭ ᠭᠡᠤᠭᠡᠳ ᠤᠨ ᠴᠡᠴᠡᠷᠯᠢᠭ ᠨᠢ ᠴᠡᠴᠡᠷᠯᠢᠭ ᠤᠨ ᠰᠢᠨᠵᠢᠯᠡᠬᠦ ᠤᠬᠠᠭᠠᠨᠴᠢ ᠤᠳᠤᠷᠢᠳᠤᠯᠭ᠎ᠠ᠂ ᠪᠠᠯᠭᠠᠰᠤᠨ ᠤ ᠨᠡᠮ ᠤᠨ ᠬᠤᠷᠢᠶ᠎ᠠ ᠵᠡᠰᠠᠭ  ᠤᠨ ᠤᠷᠳᠤᠨ ᠤ ᠬᠠᠯᠠᠭᠤᠨ ᠲᠡᠮᠵᠢᠯᠭᠡ ᠳᠤᠤᠷ᠎ᠠ ᠡᠶ᠎ᠡ ᠵᠤᠬᠢᠴᠠᠯᠳᠤ ᠠᠮᠤᠭᠤᠯᠠᠩ ᠲᠡᠶᠢᠪᠤᠡᠭ ᠡᠬᠡᠪᠤᠯᠠᠭ ᠤᠨ ᠳᠠᠯ᠎ᠠ ᠨᠤᠳᠤᠭ ᠲᠤ ᠰᠤᠷᠭᠠᠨ ᠬᠦᠮᠦᠵᠢᠯ ᠤᠨ ᠰᠢᠨ᠎ᠠ ᠨᠢᠭᠡᠨ ᠬᠠᠭᠤᠳᠠᠰᠤ ᠶᠢ ᠪᠢᠴᠢᠭᠯᠡᠬᠦ ᠪᠠᠷ  ᠮᠡᠷᠡᠶᠢᠨ ᠴᠢᠷᠮᠡᠶᠢᠵᠥ ᠰᠢᠭᠤᠷᠬᠠᠢ ᠠᠵᠢᠯᠯᠠᠨ᠎ᠠ᠃
     
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号