ᠬᠠᠳᠠᠪᠴᠢ ᠪᠤᠭᠤᠮᠳᠠ
ᠨᠡᠶᠢᠲᠡᠯᠡᠭᠰᠡᠨ ᠴᠠᠭ᠄
2017/4/21
ᠤᠷᠢᠶᠠᠩᠬᠠᠨ ᠤ᠂ ᠶᠤᠨᠳᠤᠨ                   ᠬᠠᠳᠠᠪᠴᠢ ᠬᠢᠯᠢ ᠶᠢᠨ ᠪᠤᠭᠤᠮᠳᠠ ᠶᠢᠨ ᠲᠡᠤᠬᠡᠨ ᠬᠤᠪᠢᠷᠠᠯᠳᠠ      ᠬᠠᠳᠠᠪᠴᠢ ᠬᠢᠯᠢ ᠶᠢᠨ ᠪᠤᠭᠤᠮᠳᠠ ᠪᠤᠯ ᠵᠡᠭᠦᠨ ᠦᠵᠦᠮᠦᠴᠢᠨ ᠬᠤᠰᠢᠭᠤᠨ ᠤ ᠮᠤᠩᠭᠤᠯ ᠤᠯᠤᠰ ᠲᠠᠢ ᠬᠢᠯᠢ ᠨᠡᠪᠳᠡᠷᠡᠬᠦ ᠡᠬᠡ ᠤᠷᠤᠨ ᠤ ᠤᠮᠠᠷᠠᠳᠤ ᠬᠠᠭᠠᠯᠭ᠎ᠠ ᠪᠤᠯᠤᠨ᠎ᠠ᠃ ᠡᠷᠳᠡ ᠲᠡᠤᠬᠡᠨ ᠦᠶ᠎ᠡ ᠠᠴᠠ ᠠᠪᠤᠭᠠᠳ ᠬᠠᠳᠠᠪᠴᠢ ᠭᠡᠬᠦ ᠭᠠᠵᠠᠷ ᠨᠢ ᠦᠵᠦᠮᠦᠴᠢᠨ ᠠᠶᠢᠮᠠᠭ ᠤᠨ ᠲᠡᠤᠬᠡᠨ ᠢᠷᠡᠯᠳᠡ ᠲᠠᠢ ᠬᠤᠯᠪᠤᠭ᠎ᠠ ᠲᠠᠢ ᠴᠢᠬᠤᠯᠠ ᠭᠠᠵᠠᠷ ᠤᠷᠤᠨ ᠤ ᠨᠢᠭᠡ ᠪᠤᠯᠬᠤ ᠶᠢᠨ ᠬᠠᠮᠳᠤ ᠦᠵᠦᠮᠦᠴᠢᠨ—— ᠬᠠᠯᠬ᠎ᠠ ᠶᠢᠨ ᠶᠠᠪᠤᠯᠴᠠᠭᠠᠨ ᠤ ᠵᠠᠮ ᠬᠠᠷᠢᠯᠴᠠᠭᠠᠨ ᠤ ᠭᠤᠤᠯ ᠱᠤᠭᠤᠮ ᠪᠠᠶᠢᠵᠦ᠂ ᠪᠤᠭᠤᠮᠳᠠ ᠬᠠᠭᠠᠯᠭ᠎ᠠ ᠪᠤᠯᠤᠭᠰᠠᠭᠠᠷ ᠢᠷᠡᠭᠰᠡᠨ ᠶᠤᠮ᠃ ᠦᠵᠦᠮᠦᠴᠢᠨ ᠠᠴᠠ ᠬᠠᠯᠬ᠎ᠠ ᠬᠦᠷᠬᠦ ᠲᠡᠤᠬᠡᠨ ᠵᠠᠮ ᠱᠤᠭᠤᠮ ᠢ ᠮᠦᠷᠳᠡᠪᠡᠯ᠄      ᠦᠵᠦᠮᠦᠴᠢᠨ ᠤ ︽ᠡᠵᠢ ᠨᠠᠭᠤᠷ︾ ᠪᠤᠯ ᠠᠯᠳᠠᠷᠳᠤ ᠲᠠᠪᠤᠰᠤᠨ ᠤ ᠭᠠᠷᠤᠯᠳᠠ ᠶᠢᠨ ᠤᠷᠤᠨ ᠪᠤᠯᠬᠤ ᠪᠦᠭᠡᠳ ᠬᠠᠯᠬ᠎ᠠ ᠶᠢᠨ ᠨᠠᠭᠠᠳᠤ ᠵᠠᠬ᠎ᠠ ᠰᠡᠴᠡᠨ ᠬᠠᠨ ᠠᠶᠢᠮᠠᠭ᠂ ᠶᠦᠭᠦᠵᠢᠷ ᠤᠨ ᠬᠡᠶᠢᠳ ᠢᠶᠠᠷ ᠳᠠᠮᠵᠢᠨ ᠮᠤᠩᠭᠤᠯ ᠤᠯᠤᠰ ᠲᠤ ᠲᠡᠭᠡᠭᠡᠪᠦᠷᠢᠯᠡᠨ ᠪᠤᠷᠤᠯᠠᠭᠤᠯᠤᠭᠳᠠᠵᠦ ᠪᠠᠶᠢᠵᠠᠢ᠃ ᠡᠨᠡ ᠨᠢ ᠲᠠᠷᠤᠢ ᠦᠵᠦᠮᠦᠴᠢᠨ ᠤ ᠡᠵᠢ ᠨᠠᠭᠤᠷ—— ᠬᠠᠯᠠᠭᠠᠶᠢᠳᠤ ᠶᠢᠨ ᠭᠦᠳᠦᠯ—— ᠰᠢᠷ᠎ᠠ ᠬᠠᠳᠠ ᠠᠭᠤᠯᠠ ᠶᠢᠨ ᠵᠡᠭᠦᠨ ᠲᠤᠤᠭᠤᠷ—— ᠬᠦᠪᠴᠢᠨ ᠭᠤᠪᠢ ᠶᠢᠨ ᠵᠡᠭᠦᠨ ᠬᠦᠪᠡᠭᠡ—— ᠬᠠᠳᠠᠪᠴᠢ—— ᠮᠤᠩᠭᠤᠯ ᠤᠨ ᠪᠢᠴᠢᠭᠳᠦ—— ᠶᠦᠭᠦᠵᠢᠷ ᠯᠠᠮᠠᠬᠠᠢ ᠶᠢᠨ ᠬᠡᠶᠢᠳ ︵ᠡᠷᠳᠡᠨᠢᠴᠠᠭᠠᠨ ᠰᠤᠮᠤ︶—— ᠪᠠᠷᠠᠭᠤᠨ ᠤᠷᠳᠤ—— ᠤᠯᠠᠭᠠᠨᠪᠠᠭᠠᠳᠤᠷ ︵ᠠᠷᠤ ᠪᠤᠭᠳᠠ ᠶᠢᠨ ᠬᠦᠷᠢᠶ᠎ᠡ︶ ᠬᠦᠷᠬᠦ ᠵᠠᠮ ᠱᠤᠭᠤᠮ ᠪᠤᠯᠤᠨ᠎ᠠ᠃ ᠠᠷᠤ ᠪᠤᠭᠳᠠ ᠶᠢᠨ ᠬᠦᠷᠢᠶ᠎ᠡ ᠬᠦᠷᠬᠦ ᠲᠤᠳᠤᠷ ᠭᠠᠵᠠᠷ ᠤᠨ ᠲᠤᠷᠭ᠎ᠠ ᠲᠤᠷᠳᠤᠩ᠂ ᠠᠮᠤ ᠬᠦᠨᠡᠰᠦᠨ ᠤ ᠲᠡᠭᠡᠭᠡᠪᠦᠷᠢ ᠶᠢᠨ ᠠᠶᠠᠨ ᠤ ᠵᠠᠮ ᠱᠤᠭᠤᠮ ᠴᠤ ᠡᠭᠦᠨ ᠢᠶᠠᠷ ᠦᠩᠭᠡᠷᠡᠵᠦ ᠪᠠᠶᠢᠭᠰᠠᠨ ᠢ ᠴᠤ ᠮᠡᠳᠡᠵᠦ ᠪᠤᠯᠤᠨ᠎ᠠ᠃ ᠵᠠᠰᠠᠭ ᠵᠠᠬᠢᠷᠭ᠎ᠠ ᠬᠢᠭᠡᠳ ᠱᠠᠰᠢᠨ ᠰᠤᠷᠳᠠᠬᠤᠨ ᠤ ᠵᠠᠮ ᠬᠠᠷᠢᠯᠴᠠᠭᠠᠨ ᠤ ᠲᠠᠯ᠎ᠠ ᠪᠠᠷ᠂ ᠠᠷᠤ ᠪᠤᠭᠳᠠ ᠶᠢᠨ ᠬᠦᠷᠢᠶ᠎ᠡ ᠪᠤᠯᠤᠨ ᠯᠠᠮᠠ ᠶᠢᠨ ᠬᠦᠷᠢᠶ᠎ᠡ ᠨᠢ ᠪᠠᠨᠴᠢᠨ ᠡᠷᠳᠡᠨᠢ ᠶᠢᠨ ᠰᠢᠷ᠎ᠠ ᠶᠢᠨ ᠱᠠᠰᠢᠨ ᠢ ᠳᠡᠯᠭᠡᠷᠡᠭᠦᠯᠦᠭᠰᠡᠨ ︽ᠭᠤᠷᠪᠠᠨ ᠬᠦᠷᠢᠶ᠎ᠠ︾ ᠶᠢᠨ ᠬᠤᠶᠠᠷ ᠨᠢ ᠪᠤᠯᠬᠤ ᠤᠴᠢᠷ ᠮᠦᠨᠴᠤ ᠰᠤᠶᠤᠯ ᠤᠨ ᠰᠤᠯᠢᠯᠴᠠᠭᠠᠨ ᠤ ᠵᠠᠮ ᠮᠦᠷ ᠪᠤᠯᠵᠦ ᠪᠠᠶᠢᠪᠠ᠃ ᠴᠢᠨᠠᠭᠰᠢᠯᠠᠪᠠᠯ ᠵᠠᠰᠠᠭ ᠵᠠᠬᠢᠷᠭᠠᠨ ᠤ ᠤᠯᠠᠭ᠎ᠠ ᠦᠷᠳᠡᠭᠡ ᠨᠡᠪᠳᠡᠷᠡᠬᠦ ᠭᠤᠤᠯ ᠵᠠᠮ ᠱᠤᠭᠤᠮ ᠪᠤᠯᠤᠨ᠎ᠠ᠃ ᠡᠨᠡ ᠨᠢ ᠲᠠᠷᠤᠢ ᠦᠵᠦᠮᠦᠴᠢᠨ ᠤ ᠤᠩᠭᠠᠢ ︵ᠪᠠᠯᠭᠠᠷ ᠭᠤᠤᠯ︶—— ᠴᠠᠶᠢᠳᠠᠮ—— ᠤᠰᠤᠨ ᠡᠬᠢ—— ᠯᠠᠮᠠ ᠶᠢᠨ ᠬᠦᠷᠢᠶ᠎ᠡ ︵ᠤᠯᠢᠶᠠᠰᠤᠳᠠᠢ︶—— ᠱᠤᠭᠤᠮ ᠤᠨ ᠬᠦᠨᠳᠡᠢ—— ᠬᠤᠷᠭᠤ ᠠᠭᠤᠯᠠ ᠶᠢᠨ ᠪᠠᠷᠠᠭᠤᠨ ᠲᠠᠯ᠎ᠠ—— ᠬᠠᠳᠠᠪᠴᠢ—— ᠮᠤᠩᠭᠤᠯ ᠤᠨ ᠪᠢᠴᠢᠭᠳᠦ ᠶᠢᠨ ᠪᠠᠷᠠᠭᠤᠨ ᠲᠠᠯ᠎ᠠ—— ᠶᠦᠭᠦᠵᠢᠷ ᠯᠠᠮᠠᠬᠠᠢ ᠶᠢᠨ ᠬᠡᠶᠢᠳ —— ᠪᠠᠷᠠᠭᠤᠨ ᠤᠷᠳᠤ—— ᠠᠷᠤ ᠪᠤᠭᠳᠠ ᠶᠢᠨ ᠬᠦᠷᠢᠶ᠎ᠡ ᠬᠦᠷᠬᠦ ᠵᠠᠮ ᠱᠤᠭᠤᠮ ᠪᠤᠯᠤᠨ᠎ᠠ᠃      ᠴᠡᠷᠢᠭ ᠳᠠᠶᠢᠨ ᠤ ᠶᠠᠪᠤᠳᠠᠯ ᠤᠨ ᠵᠠᠮ ᠮᠦᠷ—— 1945 ᠤᠨ ᠳᠤ ᠶᠠᠫᠤᠨ ᠤ ᠲᠦᠷᠢᠮᠡᠭᠡᠶᠢᠯᠡᠭᠴᠢᠳ  ᠢ ᠦᠯᠳᠡᠨ ᠬᠦᠭᠡᠭᠡᠬᠦ ᠪᠠᠷ ᠵᠦᠪᠯᠡᠯᠳᠦ ᠮᠤᠩᠭᠤᠯ ᠤᠨ ᠬᠤᠯᠪᠤᠭᠠᠳᠤ ᠤᠯᠠᠭᠠᠨ ᠴᠡᠷᠢᠭ ᠤᠨ ᠵᠡᠭᠦᠨ ᠵᠠᠮ ᠤᠨ ᠴᠡᠷᠢᠭ  ᠨᠢ ᠭᠤᠷᠪᠠᠨ ᠵᠠᠮ ᠪᠤᠯᠵᠦ ᠵᠡᠭᠦᠨ ᠦᠵᠦᠮᠦᠴᠢᠨ ᠤ ᠨᠤᠲᠤᠭ ᠢ ᠳᠠᠮᠵᠢᠨ ᠭᠠᠷᠴᠠᠢ᠃ ᠡᠭᠦᠨ ᠳᠤ ᠬᠠᠳᠠᠪᠴᠢ ᠲᠠᠢ ᠬᠤᠯᠪᠤᠭᠳᠠᠭᠰᠠᠨ ᠵᠠᠮ ᠮᠦᠷ ᠭᠡᠪᠡᠯ᠄  ᠮᠤᠩᠭᠤᠯ ᠤᠨ ᠪᠢᠴᠢᠭᠳᠦ—— ᠦᠵᠦᠮᠦᠴᠢᠨ ᠤ ᠬᠤᠶᠠᠷ ᠬᠠᠳᠠᠪᠴᠢ—— ᠡᠭᠦᠳᠡ ᠶᠢᠨ ᠬᠤᠭᠤᠯᠠᠢ—— ᠪᠤᠨᠳᠤᠷ ᠤᠨ ᠭᠤᠪᠢ ᠶᠢᠨ ᠪᠠᠷᠠᠭᠤᠨ ᠬᠦᠪᠡᠭᠡ—— ᠦᠩᠳᠦ ᠶᠢᠨ ᠬᠤᠤᠳᠤᠭ—— ᠴᠠᠶᠢᠳᠠᠮ ᠪᠠᠶᠠᠨᠴᠠᠭᠠᠨ ᠤ ᠪᠠᠷᠠᠭᠤᠨ ᠲᠤᠤᠭᠤᠷ—— ᠬᠠᠪᠴᠢᠭᠠᠢ ᠶᠢᠨ ᠪᠤᠷᠭᠠᠰᠤ—— ᠭᠤᠷᠪᠠᠨ ᠤᠪᠤᠭᠠᠨ ᠤ ᠬᠠᠷᠠᠵᠠ—— ᠦᠵᠦᠮᠦᠴᠢᠨ ᠤᠩᠭᠠᠢ—— ᠲᠠᠪᠠᠭ᠎ᠠ ᠪᠠᠷ ᠳᠡᠮᠵᠢᠨ᠂ ᠶᠠᠫᠤᠨ ᠢ ᠡᠰᠡᠷᠭᠦᠴᠡᠬᠦ ᠲᠠᠶᠢᠨ ᠢᠶᠠᠨ ᠬᠢᠭᠰᠡᠨ ᠵᠠᠮ ᠱᠤᠭᠤᠮ ᠪᠤᠯᠭᠠᠭᠰᠠᠨ ᠶᠤᠮ᠃      ᠬᠢᠯᠢ ᠶᠢᠨ ᠬᠠᠮᠠᠭᠠᠯᠠᠯᠳᠠ ᠶᠢᠨ ᠪᠠᠶᠢᠭᠤᠯᠤᠮᠵᠢ ᠭᠠᠷᠭᠠᠭᠰᠠᠨ——1959 ᠤᠨ ᠳᠤ᠂ ᠬᠢᠯᠢ ᠶᠢᠨ ᠬᠠᠮᠠᠭᠠᠯᠠᠯᠳᠠ ᠶᠢᠨ ᠪᠠᠶᠢᠭᠤᠯᠤᠮᠵᠢ ᠶᠢ ᠠᠷᠠᠳ ᠤᠨ ᠵᠡᠪᠰᠡᠭᠳᠦ ᠴᠠᠭᠳᠠᠭ᠎ᠠ ᠶᠢᠨ ᠴᠡᠷᠢᠭ ᠠᠩᠬᠢ ᠳᠤ ᠬᠠᠷᠢᠶᠠᠯᠠᠭᠤᠯᠤᠨ ᠂ ᠯᠠᠮᠠ ᠶᠢᠨ ᠬᠦᠷᠢᠶ᠎ᠡ ᠰᠦᠮ᠎ᠡ ᠳᠤ ᠬᠤᠪᠢᠶᠠᠷᠢ ᠦᠷᠳᠡᠭᠡ ᠪᠠᠶᠢᠭᠤᠯᠵᠦ᠂ ᠨᠡᠯᠢᠶᠡᠳ ᠴᠠᠭᠳᠠᠭ᠎ᠠ ᠲᠤᠬᠢᠷᠠᠭᠤᠯᠪᠠ᠃ 1962 ᠤᠨ ᠳᠤ ᠬᠤᠪᠢᠶᠠᠷᠢ ᠦᠷᠳᠡᠭᠡ ᠪᠠᠨ ᠬᠢᠯᠢ ᠶᠢᠨ ᠬᠠᠮᠠᠭᠠᠯᠠᠯᠳᠠ ᠶᠢᠨ ᠶᠡᠷᠦᠩᠬᠡᠢ ᠦᠷᠳᠡᠭᠡ ᠭᠠᠷᠭᠠᠵᠦ᠂ ᠬᠤᠷᠢᠶ᠎ᠠ ᠳᠡᠰ ᠤᠨ ᠪᠠᠶᠢᠭᠤᠯᠤᠭᠰᠠᠨ ᠮᠦᠷᠳᠡᠭᠡᠨ ᠪᠤᠭᠳ᠋ᠬᠠᠭᠤᠯᠠ᠂ ᠰᠢᠷᠡᠭᠤᠳᠤ᠂ ᠤᠯᠠᠭᠠᠨᠴᠠᠪ᠂ ᠲᠠᠷᠭᠤᠬᠤᠪᠤᠭ᠎ᠠ᠂ ᠪᠠᠶᠠᠠᠮᠤᠳᠤ᠂ ᠬᠠᠳᠠᠪᠴᠢ᠂ ᠰᠦᠢᠬᠡᠴᠠᠭᠠᠨ ᠵᠡᠷᠭᠡ ᠭᠠᠵᠠᠷ ᠲᠤ ᠲᠤᠰ ᠪᠦᠷᠢ ᠬᠢᠯᠢ ᠶᠢᠨ ᠬᠠᠮᠠᠭᠠᠯᠠᠯᠳᠠ ᠶᠢᠨ ᠦᠷᠳᠡᠭᠡ ᠭᠠᠷᠭᠠᠭᠰᠠᠨ ᠪᠠᠶᠢᠨ᠎ᠠ᠃      1963 ᠤᠨ ᠳᠤ ᠬᠢᠯᠢ ᠶᠢᠨ ᠬᠠᠮᠠᠭᠠᠯᠠᠯᠳᠠ ᠶᠢᠨ ᠶᠡᠷᠦᠩᠬᠡᠢ ᠦᠷᠳᠡᠭᠡ ᠶᠢ ᠪᠠᠶᠢᠭᠤᠯᠵᠦ᠂ ᠠᠷᠠᠳ ᠤᠨ ᠴᠢᠯᠦᠭᠡᠯᠡᠬᠦ ᠴᠡᠷᠢᠭ ᠲᠤ ᠬᠠᠷᠢᠶᠠᠯᠠᠭᠤᠯᠤᠨ᠂ ᠦᠪᠦᠷ ᠮᠤᠩᠭᠤᠯ ᠤᠨ ᠴᠡᠷᠢᠭ ᠤᠨ ᠲᠤᠭᠤᠷᠢᠭ ᠠᠴᠠ ᠰᠢᠭᠤᠳ ᠬᠠᠮᠢᠶᠠᠷᠴᠤ᠂ 1969 ᠤᠨ ᠳᠤ ᠠᠷᠠᠳ ᠤᠨ ᠴᠢᠯᠦᠭᠡᠯᠡᠬᠦ ᠴᠡᠷᠢᠭ ᠤᠨ ᠬᠢᠯᠢ ᠶᠢᠨ ᠬᠠᠮᠠᠭᠠᠯᠠᠯᠳᠠ ᠶᠢᠨ ᠭᠤᠷᠪᠠᠳᠤᠭᠠᠷ ᠬᠤᠷᠢᠶ᠎ᠠ ᠪᠤᠯᠭᠠᠨ ᠪᠠᠶᠢᠭᠤᠯᠵᠦ᠂ ᠵᠡᠭᠦᠨ ᠦᠵᠦᠮᠦᠴᠢᠨ ᠪᠠ ᠠᠪᠠᠭ᠎ᠠ ᠬᠤᠰᠢᠭᠤᠨ ᠤ ᠬᠢᠯᠢ ᠶᠢᠨ ᠬᠠᠮᠠᠭᠠᠯᠠᠯᠳᠠ ᠶᠢᠨ ᠡᠭᠦᠷᠭᠡ ᠶᠢ ᠭᠦᠢᠴᠡᠳᠭᠡᠬᠦ ᠪᠤᠯᠪᠠ᠃ ᠡᠭᠦᠨ ᠳᠤ ᠬᠠᠳᠠᠪᠴᠢ ᠳᠤ ᠬᠢᠯᠢ ᠶᠢᠨ ᠴᠡᠷᠢᠭ ᠤᠨ ᠲᠤᠯᠤᠳᠤᠭᠠᠷ ︵ᠬᠤᠵᠢᠮ ᠨᠢ ᠵᠢᠷᠭᠤᠳᠤᠭᠠᠷ ᠰᠤᠮᠤ ᠪᠤᠯᠭᠠᠪᠠ︶ ᠰᠤᠮᠤ ᠢ ᠪᠠᠶᠢᠭᠤᠯᠵᠦ᠂ ᠲᠤᠮᠳᠠᠳᠤ ᠮᠤᠩᠭᠤᠯ ᠬᠤᠶᠠᠷ ᠤᠯᠤᠰ ᠤᠨ ᠬᠢᠯᠢ ᠶᠢᠨ ᠶᠠᠪᠤᠳᠠᠯ ᠢ ᠠᠳᠡ ᠵᠦᠪᠯᠡᠬᠦ ᠪᠤᠯᠵᠠᠢ᠃ ᠵᠠᠰᠠᠭ ᠵᠠᠬᠢᠷᠭᠠᠨ ᠤ ᠬᠤᠪᠢᠶᠠᠷᠢ ᠭᠠᠵᠠᠷ ᠨᠢ 1963 ᠤᠨ ᠠᠴᠠ ᠬᠦᠪᠴᠢᠠᠭᠤᠪᠢ ᠨᠢᠭᠡᠳᠦᠯ ︵ᠰᠤᠮᠤ︶ ᠳᠤ ᠬᠠᠷᠢᠶᠠᠯᠠᠭᠳᠠᠵᠦ ᠪᠠᠶᠢᠭᠰᠠᠨ ᠢᠶᠠᠨ 2005 ᠤᠨ  ᠳᠤ ᠪᠠᠶᠢᠭᠤᠯᠤᠮᠵᠢ ᠶᠢᠨ ᠦᠭᠡᠷᠡᠴᠢᠯᠡᠯᠳᠡ ᠬᠢᠵᠦ᠂ ᠵᠡᠭᠦᠨ ᠬᠠᠳᠠᠪᠴᠢ ᠬᠡᠮᠡᠬᠦ ᠭᠠᠵᠠᠷ ᠪᠠᠯᠭᠠᠰᠤᠨ ᠤ ᠲᠦᠪ ᠢ ᠪᠠᠶᠢᠭᠤᠯᠤᠨ᠂ ︽ᠬᠠᠳᠠᠪᠴᠢ ᠪᠠᠯᠭᠠᠰᠤ︾ ᠬᠡᠮᠡᠨ ᠨᠡᠷᠡᠶᠢᠳᠴᠤ ᠬᠠᠷᠢᠶᠠᠯᠠᠭᠤᠯᠬᠤ ᠪᠤᠯᠤᠭᠰᠠᠨ ᠶᠤᠮ᠃      ᠬᠢᠯᠢ ᠶᠢᠨ ᠠᠵᠦ ᠠᠬᠤᠢ ᠠᠷᠠᠯᠵᠢᠶᠠᠨ ᠤ ᠬᠠᠷᠢᠴᠠᠭ᠎ᠠ ᠪᠠᠶᠢᠭᠤᠯᠤᠭᠰᠠᠨ—— ᠳᠡᠭᠡᠷ᠎ᠡ ᠵᠠᠭᠤᠨ ᠤ ᠲᠠᠪᠢᠭᠠᠳ ᠤᠨ ᠤ ᠡᠬᠢ ᠪᠠᠷ ᠲᠤᠮᠳᠠᠳᠤ ᠮᠤᠩᠭᠤᠯ ᠠᠵᠦ ᠠᠬᠤᠢ ᠠᠷᠠᠯᠵᠢᠶᠠᠨ ᠤ ᠨᠡᠭᠡᠭᠡᠯᠳᠡ ᠬᠢᠵᠦ᠂ ᠮᠤᠩᠭᠤᠯ  ᠠᠴᠠ ᠶᠡᠭᠡ ᠲᠤᠭᠠᠨ ᠤ ᠠᠳᠤᠭᠤ ᠤᠷᠤᠭᠤᠯᠬᠤ ᠪᠠ ᠲᠤᠮᠳᠠᠳᠤ ᠠᠴᠠ ᠠᠮᠤ ᠬᠦᠨᠠᠰᠤ ᠪᠠᠷᠠᠭ᠎ᠠ ᠲᠠᠸᠠᠷ ᠭᠠᠷᠭᠠᠬᠤ ᠡᠳ᠋ ᠮᠠᠯ ᠤᠨ ᠰᠤᠯᠢᠯᠴᠠᠭ᠎ᠠ ᠬᠢᠵᠦ ᠡᠬᠢᠯᠡᠬᠦ ᠳᠡᠭᠡᠨ ᠬᠠᠳᠠᠪᠴᠢ ᠪᠠᠷ ᠶᠠᠪᠤᠯᠴᠠᠭ᠎ᠠ ᠶᠢᠨ ᠱᠤᠭᠤᠮ ᠢᠶᠠᠨ ᠪᠤᠯᠭᠠᠵᠦ ᠪᠠᠶᠢᠪᠠ᠃ ᠲᠤᠰ ᠠᠷᠠᠯᠵᠢᠶ᠎ᠠ ᠶᠢ ᠤᠷᠤᠨ ᠤ ᠬᠠᠩᠭᠠᠨ ᠪᠤᠷᠤᠯᠠᠭᠤᠯᠬᠤ ᠶᠡᠷᠦᠩᠬᠡᠢ ᠬᠤᠷᠰᠢᠶ᠎ᠠ ᠠᠴᠠ ᠰᠢᠭᠤᠳ ᠡᠷᠬᠢᠯᠡᠨ᠂ ︽ᠮᠤᠩᠭᠤᠯ ᠮᠤᠷᠢ ᠶᠢ ᠡᠵᠡᠩᠨᠡᠬᠦ ᠲᠤᠰᠬᠠᠢ ᠭᠠᠵᠠᠷ︾ ᠢ ᠯᠠᠮᠠ ᠶᠢᠨ ᠬᠦᠷᠢᠶ᠎ᠡ ᠰᠦᠮ᠎ᠡ ᠳᠤ ᠪᠠᠶᠢᠭᠤᠯᠵᠦ᠂ ᠠᠳᠤᠭᠤ ᠶᠢ ᠲᠤᠰᠴᠤ ᠬᠦᠯᠢᠶᠡᠵᠦ ᠠᠪᠬᠤ ᠦᠷᠳᠡᠭᠡ ᠶᠢ ᠬᠠᠳᠠᠪᠴᠢ ᠳᠤ ᠭᠠᠷᠭᠠᠭᠰᠠᠨ ᠪᠠᠶᠢᠯ᠎ᠠ᠃ ᠬᠠᠯᠬ᠎ᠠ ᠶᠢᠨ ᠠᠳᠤᠭᠤᠳ ᠤᠯᠠᠩᠬᠢ ᠨᠢ ᠪᠠᠷᠠᠭᠠᠨ ᠵᠢᠰᠦᠮ ᠪᠠᠶᠢᠳᠠᠭ ᠢᠶᠠᠷ ᠲᠤᠰ ᠦᠷᠳᠡᠭᠡ ᠶᠢ ︽ᠬᠠᠷ᠎ᠠ ᠠᠳᠤᠭᠤᠨ ᠤ ᠭᠠᠵᠠᠷ︾ ᠭᠡᠳᠡᠭ᠃ ᠵᠢᠯ ᠪᠦᠷᠢ ᠶᠢᠨ ᠤᠷᠤᠭᠤᠯᠵᠦ ᠢᠷᠡᠭᠰᠡᠨ ᠬᠠᠷ᠎ᠠ ᠠᠳᠤᠭᠤᠳ ᠢ ᠤᠯᠤᠰ ᠠᠴᠠ ᠬᠢᠷᠢᠨ᠂ ᠯᠢᠶᠤᠤᠨᠢᠩ᠂ ᠱᠠᠨᠳᠦ᠋ᠩ᠂ ᠱᠠᠨᠰᠢ᠂ ᠡᠾᠧᠨᠠᠨ᠂ ᠡᠾᠧᠪᠸᠢ᠂ ᠠᠨᠾᠦ᠋ᠢ ᠵᠡᠷᠭᠡ ᠮᠤᠵᠢ ᠳᠤ ᠬᠤᠪᠢᠶᠠᠨ ᠦᠭᠳᠡᠭ ᠪᠠᠶᠢᠪᠠ᠃      1992 ᠤᠨ ᠳᠤ ᠲᠤᠮᠳᠠᠳᠤ ᠮᠤᠩᠭᠤᠯ ᠬᠤᠶᠠᠷ ᠤᠯᠤᠰ ᠤᠨ ᠵᠠᠰᠠᠭ ᠤᠨ ᠤᠷᠳᠤᠨ ᠠᠴᠠ ᠦᠵᠦᠮᠦᠴᠢᠨ ᠤ ᠵᠡᠭᠦᠨ ᠬᠠᠳᠠᠪᠴᠢ ᠪᠤᠯᠤᠨ ᠰᠦᠬᠡᠪᠠᠭᠠᠳᠤᠷ ᠤᠨ ᠪᠢᠴᠢᠭᠳᠦ ᠶᠢ ᠬᠤᠶᠠᠷ ᠤᠯᠤᠰ ᠤᠨ ᠠᠵᠦ ᠠᠬᠤᠢ ᠶᠢᠨ ᠬᠠᠷᠢᠯᠴᠠᠭ᠎ᠠ ᠶᠠᠪᠤᠯᠴᠠᠭᠠᠨ ᠤ ᠪᠤᠭᠤᠮᠳᠠ ᠪᠠᠷ ᠵᠦᠪᠰᠢᠶᠡᠷᠡᠵᠦ᠂ ᠨᠡᠭᠡᠭᠡᠯᠳᠡ ᠬᠢᠭᠰᠡᠨ ᠪᠠᠶᠢᠨ᠎ᠠ᠃ ᠡᠬᠢᠯᠡᠭᠡᠳ ᠤᠯᠠᠷᠢᠯ ᠤᠨ ᠴᠢᠨᠠᠷᠳᠠᠢ ᠪᠤᠭᠤᠮᠳᠠ ᠨᠡᠭᠡᠭᠡᠵᠦ ᠪᠠᠶᠢᠭᠰᠠᠨ ᠢᠶᠠᠨ ᠤᠳᠤ ᠦᠷᠭᠦᠯᠵᠢ ᠶᠢᠨ ᠴᠢᠨᠠᠷᠳᠠᠢ ᠨᠡᠭᠡᠭᠡᠵᠦ᠂ ᠬᠤᠶᠠᠷ ᠤᠯᠤᠰ  ᠤᠨ ᠠᠷᠠᠳ ᠲᠦᠮᠡᠨ ᠤ ᠠᠵᠦ ᠠᠬᠤᠢ ᠪᠠ ᠰᠤᠶᠤᠯ ᠤᠨ ᠰᠤᠯᠢᠯᠴᠠᠭᠠᠨ ᠤ ᠴᠢᠬᠤᠯᠠ ᠱᠤᠭᠤᠮ ᠪᠤᠯᠪᠠ᠃                             ᠬᠠᠳᠠᠪᠴᠢ — ᠪᠢᠴᠢᠭᠳᠦ ᠪᠤᠭᠤᠮᠳᠠ ᠶᠢᠨ ᠲᠡᠤᠬᠡᠨ ᠤᠯᠠ ᠮᠦᠷ      ᠬᠠᠯᠬ᠎ᠠ ᠶᠢᠨ ᠪᠤᠯᠵᠤᠭ᠎ᠠ ᠪᠠᠷ ᠦᠵᠦᠮᠦᠴᠢᠨ ᠠᠴᠠ ᠲᠠᠪᠤᠰᠤᠨ ᠠᠶᠠᠨ ᠶᠠᠪᠤᠭᠤᠯᠤᠭᠰᠠᠨ—— ᠴᠢᠩ ᠤᠯᠤᠰ ᠤᠨ ᠦᠶ᠎ᠡ ᠪᠠᠶᠢᠵᠦ ᠯᠠ ᠳ᠋ᠠ᠂ ᠨᠢᠭᠡᠨ ᠤᠳᠠᠭ᠎ᠠ ᠬᠠᠯᠬ᠎ᠠ ᠶᠢᠨ ᠰᠡᠴᠡᠨ ᠬᠠᠨ ᠠᠶᠢᠮᠠᠭ ᠤᠨ ᠬᠠᠳᠠᠬᠢᠨ ᠭᠤᠷᠪᠠᠨ ᠬᠤᠰᠢᠭᠤᠨ ᠤ ᠬᠢᠨ ᠦᠵᠦᠮᠦᠴᠢᠨ ᠪᠠᠷᠠᠭᠤᠨ ᠬᠤᠰᠢᠭᠤ ᠲᠠᠢ ᠡᠵᠢ ᠨᠠᠭᠤᠷ ᠠᠴᠠ ᠲᠠᠪᠤᠰᠤ ᠲᠡᠭᠡᠭᠡᠬᠦ ᠠᠷᠠᠯᠵᠢᠶ᠎ᠠ ᠬᠢᠵᠦ᠂ ᠨᠢᠭᠡ ᠲᠡᠷᠭᠡ ᠲᠠᠪᠤᠰᠤ ᠶᠢ ᠨᠢᠭᠡ ᠪᠢᠷᠠᠭᠤ ᠪᠠᠷ ᠰᠤᠯᠢᠬᠤ ᠪᠠᠷ ᠪᠠᠷᠢᠮᠵᠢᠶᠠᠯᠠᠨ᠂ ︽ᠮᠢᠩᠭᠠᠨ ᠪᠢᠷᠠᠭᠤ ᠲᠡᠷᠭᠡ︾ ᠶᠢᠨ ᠠᠵᠦ ᠠᠬᠤᠢ ᠶᠢᠨ ᠪᠤᠯᠵᠤᠭ᠎ᠠ ᠲᠤᠭᠳᠠᠵᠦ᠂ ᠦᠵᠦᠮᠦᠴᠢᠨ ᠠᠴᠠ ᠭᠠᠯ ᠠᠶᠠᠨ ᠭᠠᠷᠭᠠᠵᠦ ᠲᠡᠭᠡᠭᠡᠵᠦ ᠵᠦᠭᠡᠭᠡᠪᠦᠷᠢᠯᠡᠭᠰᠡᠨ ᠪᠠᠶᠢᠵᠠᠢ᠃      ᠦᠵᠦᠮᠦᠴᠢᠨ ᠤ ᠲᠠᠪᠤᠰᠤᠨ ᠤ ᠭᠠᠯ ᠠᠶᠠᠨ ᠡᠵᠢ ᠨᠠᠭᠤᠷ ᠠᠴᠠ ᠪᠠᠨ ᠲᠠᠪᠤᠰᠤ ᠪᠠᠨ ᠲᠡᠭᠡᠭᠡᠵᠦ ᠠᠶᠠᠯᠠᠭᠰᠠᠭᠠᠷ᠂ ᠬᠠᠳᠠᠪᠴᠢ ᠶᠢᠨ ᠬᠤᠭᠤᠯᠠᠢ ᠪᠠᠷ ᠤᠮᠠᠷᠠᠰᠢ ᠭᠠᠷᠴᠤ᠂ ᠶᠦᠭᠦᠵᠢᠷ ᠯᠠᠮᠠᠬᠠᠢ ᠶᠢᠨ ᠬᠡᠶᠢᠳ ᠤᠷᠴᠢᠮ ᠬᠦᠷᠳᠡᠭ ᠶᠤᠮ ᠪᠠᠶᠢᠨ᠎ᠠ᠃ ᠴᠠᠭᠠᠨ᠎ᠠ ᠠᠴᠠ ᠲᠤᠰᠬᠤ ᠪᠠᠷ ᠢᠷᠡᠭᠰᠡᠨ ᠤᠯᠤᠰ ᠲᠠᠢ ᠪᠤᠯᠵᠤᠭ᠎ᠠ ᠶᠤᠰᠤᠭᠠᠷ ᠮᠢᠩᠭᠠᠨ ᠲᠡᠷᠭᠡ ᠲᠠᠪᠤᠰᠤ ᠪᠠᠨ ᠲᠤᠰᠢᠶᠠᠵᠦ᠂ ᠪᠢᠷᠠᠭᠤ ᠪᠠᠨ ᠠᠪᠬᠤ ᠭᠡᠰᠡᠨ ᠳᠤ ᠬᠠᠯᠬ᠎ᠠ ᠶᠢᠨ ᠬᠤᠰᠢᠭᠤᠨ ᠤ ᠬᠢᠨ  ᠴᠠᠭ ᠬᠤᠭᠤᠴᠠᠭ᠎ᠠ ᠶᠢ ᠬᠤᠵᠢᠮᠳᠠᠯ᠎ᠠ ᠭᠡᠳᠡᠭ ᠢᠶᠠᠷ ᠰᠢᠯᠳᠠᠭ ᠪᠤᠯᠭᠠᠵᠦ᠄ ︽ᠮᠢᠩᠭᠠᠨ ᠪᠢᠷᠠᠭᠤ ᠪᠠᠨ ᠴᠤ ᠦᠭᠬᠦ ᠦᠭᠡᠢ᠂ ᠮᠢᠩᠭᠠᠨ ᠲᠡᠷᠭᠡ ᠲᠠᠪᠤᠰᠤ ᠶᠢ ᠴᠢᠨᠢ ᠪᠠᠰᠠ ᠠᠪᠬᠤ ᠦᠭᠡᠢ︾ ᠭᠡᠵᠦ ᠠᠷᠠᠯᠵᠢᠶ᠎ᠠ ᠶᠢᠨ ᠪᠤᠯᠵᠤᠭ᠎ᠠ ᠪᠠᠨ ᠭᠦᠢᠴᠡᠳᠭᠡᠭᠰᠡᠨ ᠦᠭᠡᠢ ᠪᠠᠶᠢᠯ᠎ᠠ᠃ ᠦᠵᠦᠮᠦᠴᠢᠨ ᠤ ᠲᠠᠯ᠎ᠠ ᠶᠢᠨ ᠬᠢᠨ ᠬᠠᠯᠬ᠎ᠠ ᠶᠢᠨ ᠪᠤᠯᠵᠤᠭ᠎ᠠ ᠪᠠᠨ ᠲᠡᠷᠰᠯᠡᠭᠰᠡᠨ  ᠳᠤ ᠲᠤᠷ᠎ᠠ ᠦᠭᠡᠶᠢᠴᠡᠨ᠂ ᠮᠢᠩᠭᠠᠨ ᠲᠡᠷᠭᠡ ᠲᠠᠪᠤᠰᠤ ᠪᠠᠨ ᠶᠦᠭᠦᠵᠢᠷ ᠯᠠᠮᠠᠬᠠᠢ ᠶᠢᠨ ᠬᠡᠶᠢᠳ ᠠᠴᠠ ᠵᠡᠭᠦᠨ ᠬᠤᠶᠢᠰᠢ ︽ᠳᠠᠯᠠᠢ ᠨᠠᠭᠤᠷ︾ ᠳᠤ ᠴᠢᠳᠬᠤᠨ ᠬᠢᠭᠰᠡᠨ ᠶᠤᠮ ᠬᠡᠨ᠎ᠡ᠂ ᠲᠡᠭᠡᠭᠰᠡᠨ ᠢᠶᠠᠷ ᠬᠤᠵᠢᠮ ᠡᠨᠡᠬᠦ ᠴᠤᠩᠬᠤᠷ ᠡᠵᠢ ᠶᠢᠨ ᠬᠡᠰᠢᠭ ᠨᠢ ᠲᠠᠪᠤᠰᠤ ᠤᠷᠭᠤᠵᠦ᠂ ᠲᠤᠯᠤᠭᠤᠪᠤᠷ ᠰᠢᠳᠦ ᠭᠠᠷᠴᠤ᠂ ᠬᠦᠮᠦᠨ ᠮᠠᠯ ᠤᠨ ᠰᠢᠮ᠎ᠡ ᠲᠡᠵᠢᠭᠡᠯ ᠢ ᠬᠠᠩᠭᠠᠭᠰᠠᠨ ︽ᠲᠠᠪᠤᠰᠤᠨ ᠨᠠᠭᠤᠷ︾ ᠪᠤᠯᠤᠨ ᠬᠤᠪᠢᠷᠠᠯ᠎ᠠ ᠭᠡᠳᠡᠭ᠃      ᠦᠵᠦᠮᠦᠴᠢᠨ ᠬᠦᠷᠢᠶ᠎ᠡ ᠰᠦᠮ᠎ᠡ ᠠᠴᠠ ᠠᠷᠤ ᠪᠤᠭᠳᠠ ᠶᠢᠨ ᠬᠦᠷᠢᠶ᠎ᠡ ᠳᠤ ᠮᠤᠩᠭᠤᠯ ᠰᠢᠩᠬᠤᠨ ᠭᠠᠨᠵᠤᠤᠷ ᠬᠦᠷᠭᠡᠭᠰᠡᠨ—— ᠠᠯᠢ ᠡᠷᠳᠡ ᠴᠢᠩ ᠤᠯᠤᠰ ᠤᠨ ᠡᠩᠬᠡ ᠠᠮᠤᠭᠤᠯᠠᠩ  ᠬᠠᠭᠠᠨ ᠤ ᠦᠶ᠎ᠡ ᠳᠤ᠂ ᠦᠵᠦᠮᠦᠴᠢᠨ ᠤ ᠯᠠᠮᠠ   ᠶᠢᠨ ᠬᠦᠷᠢᠶ᠎ᠡ ᠶᠢᠨ ᠬᠤᠪᠢᠯᠭᠠᠨ ᠮᠤᠯᠤᠮ ᠬᠤᠳᠤᠭᠳᠤ ᠪᠠᠷ ᠭᠠᠨᠵᠤᠤᠷ ᠢ ᠮᠤᠩᠭᠤᠯ ᠢᠶᠠᠷ ᠤᠷᠴᠢᠭᠤᠯᠬᠤ ᠪᠠ ᠠᠷᠢᠭᠤᠳᠬᠠᠨ ᠰᠢᠭᠦᠬᠦ᠂ ᠬᠡᠪᠯᠡᠵᠦ ᠪᠠᠷᠯᠠᠬᠤ ᠠᠵᠢᠯ ᠢ ᠪᠡᠶᠡᠴᠢᠯᠡᠨ ᠭᠦᠢᠴᠡᠳᠭᠡᠭᠰᠡᠨ ᠳᠤ ᠵᠠᠩᠵᠠ ᠬᠤᠳᠤᠭᠳᠤ ᠠᠴᠠ ᠮᠤᠩᠭᠤᠯ ᠭᠠᠨᠵᠤᠤᠷ ᠰᠣᠳᠣᠷ ᠢ ᠲᠡᠭᠦᠨ ᠳᠤ ᠬᠠᠶᠢᠷᠠᠯᠠᠨ ᠬᠦᠷᠭᠡᠭᠰᠡᠨ ᠢᠶᠠᠷ ᠯᠠᠮᠠ ᠶᠢᠨ ᠬᠦᠷᠢᠶ᠎ᠡ ᠰᠦᠮ᠎ᠡ ᠳᠤ ᠮᠤᠩᠭᠤᠯ ᠭᠠᠨᠵᠤᠤᠷ ᠰᠤᠳᠤᠷ ᠪᠠᠶᠢᠳᠠᠭ ᠨᠢ ᠲᠡᠷᠡ ᠶᠤᠮ ᠭᠡᠨ᠎ᠡ᠃      ᠬᠤᠷᠢᠳᠤᠭᠠᠷ ᠵᠠᠭᠤᠨ ᠤ ᠡᠬᠢ ᠪᠠᠷ᠂ ᠮᠤᠩᠭᠤᠯ ᠤᠯᠤᠰ ᠲᠤᠰᠠᠭᠠᠷ ᠲᠤᠭᠳᠠᠨᠢᠭᠰᠠᠨ ᠤ ᠲᠠᠷᠠᠭ᠎ᠠ᠂ ᠪᠢᠴᠢᠭ  ᠤᠨ ᠬᠦᠷᠢᠶᠡᠯᠡᠩ ᠤᠨ ᠲᠠᠷᠤᠭ᠎ᠠ ᠵᠠᠮᠢᠶᠠᠨ ᠭᠦᠩ ᠨᠠᠷ᠂ ᠮᠤᠩᠭᠤᠯ ᠪᠠᠷ ᠬᠡᠪᠯᠡᠯ ᠤᠨ ᠨᠤᠮ ᠰᠤᠳᠤᠷ ᠢ ᠴᠤᠭᠯᠠᠭᠤᠯᠬᠤ ᠠᠵᠢᠯ ᠢ ᠬᠢᠵᠦ᠂ ᠦᠪᠦᠷ ᠮᠤᠩᠭᠤᠯ ᠠᠴᠠ ᠴᠠᠬᠠᠷ ᠤᠨ ᠨᠠᠶᠠᠨᠳᠠᠢ ᠭᠦᠩ ᠠᠴᠠ ︽ᠳ᠋ᠠᠨᠵᠤᠤᠷ︾ ᠰᠤᠳᠤᠷ ᠶᠢᠨ ᠠᠪᠠᠴᠢᠭᠰᠠᠨ ᠪᠠ ᠲᠠᠰᠢᠨᠢᠮ᠎ᠡ ᠭᠦᠩ ᠠᠴᠠ ᠦᠵᠦᠮᠦᠴᠢᠨ ᠤ ᠬᠤᠷᠭᠤ ᠶᠢᠨ ᠰᠢᠷᠡᠭᠡᠳᠦ ᠯᠠᠮᠠᠳᠠᠨ ᠢᠶᠠᠷ ᠳᠠᠮᠵᠢᠭᠤᠯᠤᠨ ᠯᠠᠮᠠ ᠶᠢᠨ ᠬᠦᠷᠢᠶ᠎ᠡ ᠰᠦᠮ᠎ᠡ ᠳᠤ ᠲᠤᠬᠢᠷᠠᠯᠴᠠᠨ᠂ ᠲᠦᠪᠡᠳ ᠭᠠᠨᠵᠤᠤᠷ ᠢᠶᠠᠷ ᠮᠤᠩᠭᠤᠯ ᠭᠠᠨᠵᠤᠤᠷ ᠢ ᠨᠢ ᠰᠤᠯᠢᠵᠦ ᠠᠪᠬᠤ ᠪᠠᠷ ᠲᠤᠬᠢᠷᠠᠯᠴᠠᠭᠰᠠᠨ ᠢᠶᠠᠷ 1923 ᠤᠨ ᠤ ᠤᠷᠴᠢᠮ ᠢᠶᠠᠷ ᠯᠠᠮᠠ ᠶᠢᠨ ᠬᠦᠷᠢᠶ᠎ᠡ ᠰᠦᠮ᠎ᠡ ᠠᠴᠠ ᠲᠡᠮᠡᠭᠡᠨ ᠲᠡᠷᠭᠡ ᠪᠠᠷ ᠭᠠᠨᠵᠤᠤᠷ ᠰᠤᠳᠤᠷ ᠢᠶᠠᠨ ᠠᠷᠤ ᠪᠤᠭᠳᠠ ᠶᠢᠨ ᠬᠦᠷᠢᠶᠡᠨ ᠳᠤ ᠬᠦᠷᠭᠡᠨ ᠦᠭᠴᠤ᠂ ᠰᠤᠶᠤᠯ ᠤᠨ ᠰᠤᠯᠢᠯᠴᠠᠭᠠᠨ ᠤ ᠤᠯᠠ ᠮᠦᠷ ᠢᠶᠠᠨ ᠦᠯᠡᠳᠡᠭᠡᠭᠰᠡᠨ ᠶᠤᠮ᠃      ᠭᠠᠨᠵᠤᠤᠷ ᠬᠦᠷᠭᠡᠬᠦ ᠠᠶᠠᠨ ᠳᠤ᠂ ᠤᠷᠤᠯᠮ᠎ᠠ ᠵᠠᠩᠭᠢ ᠲᠠᠭᠠᠭᠤᠯᠤᠨ᠂ ᠰᠢᠷᠡᠭᠡᠳᠦ ᠯᠠᠮᠠ ᠶᠢᠨ ᠲᠠᠭᠦᠤ ᠭᠤᠨᠴᠤᠭ᠂ ᠯᠤᠳᠤᠢ ᠵᠢᠮᠪᠠ ᠯᠠᠮᠠ᠂ ᠬᠡᠷᠡᠶᠢᠳ ᠰᠤᠮᠤᠨ ᠤ ᠬᠠᠷᠢᠶᠠᠳᠤ ᠪᠠᠳᠤᠮᠦ᠋ᠩᠬᠡ ᠵᠡᠷᠭᠡ ᠲᠦᠷᠪᠡᠭᠦᠯᠡ ᠶᠠᠪᠤᠭᠰᠠᠨ ᠭᠡᠬᠦ ᠪᠦᠭᠡᠳ ᠲᠡᠳᠡ ᠯᠠᠮᠠ ᠶᠢᠨ ᠬᠦᠷᠢᠶ᠎ᠡ ᠠᠴᠠ ᠠᠶᠠᠷᠯᠠᠵᠦ᠂ ᠬᠠᠳᠠᠪᠴᠢ ᠳᠠᠮᠵᠢᠨ᠂ ᠶᠦᠭᠦᠵᠢᠷ ᠯᠠᠮᠠᠬᠠᠢ ᠶᠢᠨ ᠬᠡᠶᠢᠳ ᠢᠶᠠᠷ ᠲᠠᠭᠠᠷᠢᠵᠦ᠂ ᠰᠡᠴᠡᠨ ᠬᠠᠨ ᠠᠶᠢᠮᠠᠭ ᠤᠨ ᠳᠠᠯᠠᠢ ᠸᠠᠩ ᠤᠨ ᠬᠤᠰᠢᠭᠤ ᠪᠠᠷ ᠦᠳᠡᠯᠡᠨ ᠠᠶᠠᠯᠠᠭᠰᠠᠭᠠᠷ᠂ ᠠᠷᠤ ᠪᠤᠭᠳᠠ ᠶᠢᠨ ᠬᠦᠷᠢᠶ᠎ᠡ ᠳᠤ ᠠᠮᠵᠢᠯᠳᠠ ᠲᠠᠢ ᠬᠦᠷᠭᠡᠵᠦ᠂ ᠲᠦᠪᠡᠳ ᠭᠠᠨᠵᠤᠤᠷ ᠰᠤᠳᠤᠷ ᠢᠶᠠᠨ ᠲᠡᠭᠡᠭᠡᠳ ᠡᠪᠦᠯ  ᠤᠨ ᠴᠠᠭ ᠤᠨ ᠤᠯᠠᠷᠢᠯ ᠲᠠᠭᠠᠷᠠᠭᠰᠠᠨ ᠢᠶᠠᠷ ᠰᠠᠷ᠎ᠠ ᠢᠯᠡᠭᠦᠤ ᠡᠳᠦᠷ ᠤᠨ ᠤᠷᠳᠤ ᠠᠶᠠᠨ ᠢ ᠬᠦᠭᠡᠭᠡᠭᠰᠡᠨ ᠪᠠᠶᠢᠵᠠᠢ᠃ ᠳᠡᠳᠡᠨ ᠢ ᠵᠠᠮ ᠤᠨ ᠬᠤᠭᠤᠰ ᠲᠤ ᠴᠠᠭᠠᠨ᠎ᠠ ᠠᠴᠠ ᠨᠢ ᠲᠠᠰᠢᠨᠢᠮ᠎ᠠ ᠭᠦᠩ ᠢ ᠲᠤᠰᠴᠤ ᠠᠪᠤᠯ᠎ᠠ ᠭᠡᠳᠡᠭ᠃      ᠦᠵᠦᠮᠦᠴᠢᠨ ᠤ ᠲᠠᠩᠰᠦ᠋ᠷᠦᠩ ᠯᠾᠠᠷᠠᠮᠪᠠ ᠠᠷᠤ ᠪᠤᠭᠳᠠ ᠶᠢᠨ ᠬᠦᠷᠢᠶ᠎ᠡ ᠤᠷᠤᠭᠰᠠᠨ —— ᠡᠷᠳᠡ ᠴᠢᠩ ᠤᠯᠤᠰ ᠤᠨ ᠦᠶ᠎ᠡ ᠳᠤ᠂ ᠦᠵᠦᠮᠦᠴᠢᠨ ᠤ ᠤᠯᠠᠭᠠᠨ ᠬᠠᠭᠠᠯᠭ᠎ᠠ ᠰᠦᠮ᠎ᠡ ᠶᠢᠨ ᠲᠠᠩᠰᠦ᠋ᠷᠦᠩ ᠯᠾᠠᠷᠠᠮᠪᠠ ᠭᠡᠭᠴᠢ ᠶᠡᠭᠡ ᠡᠷᠳᠡᠮ ᠨᠤᠮ ᠲᠠᠢ ᠯᠠᠮᠠ ᠪᠠᠶᠢᠵᠠᠢ᠃ ᠲᠡᠷᠡ ᠵᠤᠤ ᠶᠢᠨ ᠤᠷᠤᠨ ᠳᠤ ᠬᠦᠷᠴᠤ᠂ ᠯᠾᠠᠷᠠᠮᠪᠠ ᠶᠢᠨ ᠮᠢᠨᠳᠤᠭ ᠬᠦᠷᠳᠡᠬᠦ ᠨᠤᠮ ᠬᠠᠶᠠᠯᠴᠠᠭᠠᠨ ᠳᠤ ᠰᠢᠯᠭᠠᠷᠠᠭᠠᠳ᠂ ᠱᠠᠰᠢᠨ ᠤ ᠬᠠᠭᠠᠨ—— ᠳᠠᠯᠠᠢ ᠯᠠᠮᠠ ᠠᠴᠠ ᠯᠦᠩ ᠠᠪᠤᠭᠰᠠᠨ ᠪᠠᠶᠢᠵᠠᠢ᠃ ᠤᠯᠠᠨ ᠵᠢᠯ ᠡᠷᠳᠡᠮ ᠨᠤᠮ ᠪᠢᠰᠢᠯᠭᠠᠯ ᠰᠤᠷᠬᠤ ᠳᠠᠭᠠᠨ ᠪᠠᠰᠠ ᠳᠠᠯᠠᠢ ᠯᠠᠮᠠ ᠳᠤ ᠪᠠᠭᠰᠢᠯᠠᠵᠦ ᠪᠠᠶᠢᠯ᠎ᠠ ᠭᠡᠳᠡᠭ᠃      ᠲᠠᠩᠰᠦ᠋ᠷᠦᠩ ᠯᠾᠠᠷᠠᠮᠪᠠ ᠤᠯᠠᠭᠠᠨ ᠬᠠᠭᠠᠯᠭ᠎ᠠ ᠠᠴᠠ ᠭᠠᠷᠴᠤ᠂ ᠯᠠᠮᠠ ᠶᠢᠨ ᠬᠦᠷᠢᠶ᠎ᠡ ᠶᠢ ᠲᠠᠭᠠᠷᠢᠵᠦ᠂ ᠬᠠᠳᠠᠪᠴᠢ ᠪᠠᠷ ᠳᠠᠮᠵᠢᠨ ᠶᠦᠭᠦᠵᠢᠷ ᠤᠨ ᠬᠡᠶᠢᠳ ᠢᠶᠠᠷ ᠦᠳᠡᠯᠡᠨ ᠴᠢᠨᠠᠭᠰᠢ ᠠᠶᠢᠯ ᠲᠠᠭᠠᠷᠠᠪᠠᠯ ᠬᠤᠨᠦᠵᠦ ᠬᠦᠨᠡᠰᠦᠯᠡᠭᠰᠡᠭᠡᠷ ᠠᠷᠤ ᠶᠡᠭᠡ ᠬᠦᠷᠢᠶ᠎ᠡ ᠵᠦᠭ ᠪᠠᠳᠢᠷᠯᠠᠨ ᠶᠠᠪᠤᠵᠠᠢ᠃      ⒈ ᠬᠠᠯᠬ᠎ᠠ ᠶᠢᠨ ᠨᠢᠭᠡᠨ ᠪᠠᠶᠠᠨ ᠠᠶᠢᠯ᠂ ᠤᠴᠢᠷ ᠵᠦᠭ ᠦᠭᠡᠢ ᠤᠯᠠᠨ ᠪᠤᠷᠬᠠᠳ ᠤᠯᠵᠦ ᠠᠪᠴᠢᠷᠠᠵᠦ ᠲᠠᠬᠢᠭᠰᠠᠭᠠᠷ ᠪᠠᠶᠢᠭᠠᠳ ᠭᠡᠷ ᠲᠦᠭᠦᠷᠡᠩ ᠪᠤᠷᠬᠠᠨ ᠲᠠᠢ ᠪᠤᠯᠤᠭᠰᠠᠨ ᠭᠡᠨ᠎ᠡ᠃ ᠭᠡᠨᠡᠳᠳᠡ ᠨᠢᠭᠡ ᠤᠳᠠᠭ᠎ᠠ᠂ ᠲᠡᠷᠡ ᠪᠠᠶᠠᠨ ᠤ ᠦᠷ᠎ᠡ ᠶᠢᠨ ᠭᠠᠭᠴᠠ ᠬᠦᠤ ᠨᠢ ᠡᠪᠡᠳᠴᠢᠯᠡᠭᠡᠳ ᠡᠮᠴᠢ ᠲᠤᠮᠴᠢ ᠵᠠᠯᠠᠵᠦ ᠦᠵᠡᠭᠦᠯᠦᠭᠰᠡᠨ ᠪᠠ ᠡᠷᠳᠡᠮ ᠲᠠᠢ ᠯᠠᠮᠠ ᠨᠠᠷ ᠢ ᠤᠷᠢᠵᠦ ᠨᠤᠮ ᠬᠦᠷᠢᠮ ᠦᠢᠯᠡᠳᠦᠭᠦᠯᠦᠭᠰᠡᠨ ᠪᠤᠯᠪᠠᠴᠤ ᠲᠤᠰᠠ ᠪᠤᠯᠤᠭᠰᠠᠨ ᠦᠭᠡᠢ ᠶᠤᠮ ᠭᠡᠨ᠎ᠡ᠂ ᠲᠡᠭᠡᠭᠡᠳ ᠠᠷᠭ᠎ᠠ ᠪᠠᠨ ᠪᠠᠷᠠᠬᠤ ᠳᠠᠭᠠᠨ ᠨᠠᠰᠢ ᠴᠠᠰᠢ ᠶᠠᠪᠤᠬᠤ ᠵᠠᠮ ᠤᠨ ᠬᠦᠮᠦᠨ ᠠᠴᠠ ᠬᠦᠷᠳᠡᠯ᠎ᠡ ᠭᠤᠯᠤᠭ᠎ᠠ ᠰᠤᠩᠭᠤᠭ᠎ᠠ ᠦᠭᠡᠢ ᠠᠰᠠᠭᠤᠵᠦ ᠰᠤᠷᠠᠭᠯᠠᠳᠠᠭ ᠪᠤᠯᠤᠭᠰᠠᠨ ᠪᠠᠶᠢᠵᠠᠢ᠃      ᠲᠠᠩᠰᠦ᠋ᠷᠦᠩ᠂ ᠵᠠᠮ ᠶᠠᠪᠤᠭᠰᠠᠭᠠᠷ ᠶᠠᠭ ᠡᠭᠦᠨ ᠢᠶᠠᠷ ᠦᠩᠭᠡᠷᠡᠬᠦ ᠲᠠᠭᠠᠷᠠᠵᠠᠢ᠃ ᠦᠨᠦ ᠪᠠᠶᠠᠨ ᠠᠶᠢᠯ ᠮᠦᠨ ᠯᠡ ᠠᠰᠠᠭᠤᠵᠦ ᠰᠤᠷᠠᠭᠯᠠᠳᠠᠭ ᠪᠠᠶᠢᠨ᠎ᠠ᠂ ᠲᠡᠭᠡᠬᠦ ᠳᠤ ᠲᠡᠷᠡ᠄ ︽ᠵᠢᠩᠬᠢᠨᠢ ᠰᠠᠬᠢᠯ ᠰᠠᠬᠢᠭᠰᠠᠨ ᠯᠠᠮᠠ ᠪᠠᠷ ᠪᠤᠷᠬᠠᠨ  ᠢᠶᠠᠨ ᠲᠠᠬᠢᠭᠤᠯᠪᠠᠯ ᠬᠦᠤ ᠴᠢᠨᠢ ᠡᠳᠡᠭᠡᠷᠡᠨ᠎ᠡ︾ ᠭᠡᠵᠠᠢ᠃ ᠦᠨᠦ ᠪᠠᠶᠠᠨ ᠢᠶᠠᠷ ᠵᠠᠯᠠᠵᠦ ᠢᠷᠡᠭᠡᠳ ᠪᠠᠶᠢᠭᠰᠠᠨ ᠤᠯᠠᠨ ᠯᠠᠮᠠ ᠨᠠᠷ ᠲᠤ ᠲᠡᠭᠦᠨ ᠤ ᠬᠡᠯᠡᠭᠰᠡᠨ ᠢ ᠶᠠᠷᠢᠭᠰᠠᠨ ᠳᠤ᠂ ᠲᠡᠷᠡ ᠤᠯᠠᠨ ᠯᠠᠮᠠ ᠨᠠᠷ ᠡᠭᠳᠡᠭᠦᠴᠡᠵᠦ ᠲᠡᠭᠡᠪᠡᠯ ᠲᠡᠷᠡ ᠪᠠᠳᠢᠷᠴᠢᠨ ᠢᠶᠠᠷ ᠪᠤᠷᠬᠠᠨ ᠢᠶᠠᠨ ᠲᠠᠬᠢᠭᠤᠯᠵᠦ ᠦᠵᠡ ᠭᠡᠳᠡᠭ ᠪᠠᠶᠢᠨ᠎ᠠ᠃      ᠯᠾᠠᠷᠠᠮᠪᠠ ᠭᠤᠸᠠᠢ ᠲᠡᠷᠡ ᠪᠠᠶᠠᠨ ᠤ ᠳᠤ ᠪᠤᠷᠬᠠᠨ ᠢ ᠨᠢ ᠲᠠᠬᠢᠵᠦ ᠨᠤᠮ ᠤᠩᠰᠢᠵᠦ ᠰᠠᠭᠤᠳᠠᠯ᠎ᠠ ᠵᠡᠷᠭᠡᠴᠡᠭᠦᠯᠦᠨ ᠦᠷᠦᠭᠰᠡᠨ ᠤᠯᠠᠨ ᠪᠤᠷᠬᠠᠳ ᠤᠨ ᠲᠤᠮᠳᠠ ᠠᠴᠠ ᠨᠢᠭᠡ ᠪᠤᠷᠬᠠᠨ ᠨᠢ ᠦᠪᠡᠷ ᠢᠶᠠᠨ ᠲᠤᠩᠭᠤᠷᠴᠤᠭᠯᠠᠨ ᠤᠶᠢᠴᠢᠭᠰᠠᠨ ᠭᠡᠨ᠎ᠡ᠂ ᠴᠢᠩᠭᠢᠬᠦ ᠳᠤ ᠲᠡᠷᠡ᠄ ︽ᠵᠠ ᠪᠤᠯᠵᠠᠢ᠂ ᠡᠨᠡ ᠪᠤᠷᠬᠠᠨ ᠴᠢᠨᠢ ᠠᠷᠪᠠᠨᠢ ᠦᠭᠡᠢ ᠪᠤᠷᠬᠠᠨ ᠤᠴᠢᠷ ᠠᠴᠠ ᠠᠳᠠ ᠪᠤᠯᠵᠦ ᠪᠠᠶᠢᠭᠰᠠᠨ ᠶᠤᠮ ᠪᠠᠶᠢᠨ᠎ᠠ᠃ ᠤᠳᠤ ᠬᠦᠤ ᠴᠢᠨᠢ ᠰᠠᠶᠢᠨ ᠪᠤᠯᠴᠢᠬᠠᠨ᠎ᠠ ᠃ ᠬᠤᠶᠢᠰᠢᠳᠠ ᠪᠤᠷᠬᠠᠨ ᠪᠦᠬᠦᠨ ᠤ ᠤᠴᠢᠷ ᠢ ᠮᠡᠳᠡᠬᠦ ᠦᠭᠡᠢ ᠪᠠᠷ ᠳᠠᠬᠢᠵᠦ ᠪᠤᠯᠬᠤ ᠦᠭᠡᠢ ᠰᠢᠤ︾ ᠬᠡᠮᠡᠨ ᠬᠡᠯᠡᠭᠡᠳ ᠭᠠᠷᠴᠤ ᠶᠠᠪᠤᠭᠰᠠᠨ ᠭᠡᠳᠡᠭ᠃ ᠲᠡᠷᠡ ᠠᠶᠢᠯ ᠤᠨ ᠬᠦᠤ ᠨᠢ ᠦᠨᠡᠭᠡᠷ ᠲᠤᠤᠷ᠎ᠠ ᠪᠠᠨ ᠡᠳᠡᠭᠡᠷᠡᠭᠰᠡᠨ ᠶᠤᠮ ᠭᠡᠳᠡᠭ᠃      ⒉ ᠲᠠᠩᠰᠦ᠋ᠷᠦᠩ ᠯᠾᠠᠷᠠᠮᠪᠠ ᠠᠷᠤ ᠪᠤᠭᠳᠠ ᠳᠤ ᠮᠦᠷᠭᠦᠬᠦ ᠪᠠᠷ ᠪᠤᠭᠳᠠ ᠶᠢᠨ ᠬᠦᠷᠢᠶᠡᠨ ᠳᠤ ᠬᠦᠷᠴᠤ ᠭᠡᠨ᠎ᠡ ᠃ ᠪᠤᠭᠳᠠ ᠳᠤ ᠮᠦᠷᠬᠦᠬᠦ ᠪᠠᠷ ᠤᠴᠢᠬᠤ ᠳᠤ᠂ ᠤᠯᠠᠨ ᠮᠦᠷᠭᠦᠯᠴᠢᠳ ᠠᠷᠳᠠᠢ ᠲᠤᠷᠭ᠎ᠠ ᠡᠮᠦᠰᠦᠭᠡᠳ᠂ ᠠᠪᠴᠢᠷᠠᠭᠰᠠᠨ ᠪᠡᠯᠡᠭ ᠢᠶᠠᠨ ᠠᠯᠠᠭᠠᠨ ᠳᠡᠭᠡᠷ᠎ᠡ ᠪᠠᠨ ᠡᠷᠭᠦᠴᠢᠭᠰᠡᠨ ᠮᠦᠷᠯᠡᠨ ᠵᠤᠭᠰᠤᠭᠠᠳ ᠬᠦᠯᠢᠶᠡᠵᠦ ᠪᠠᠶᠢᠵᠠᠢ᠃ ᠲᠡᠷᠡ  ᠬᠠᠭᠤᠴᠢᠨ ᠮᠠᠭᠤ ᠰᠡᠭ ᠲᠡᠷᠯᠢᠭ ᠢᠶᠠᠨ ᠡᠮᠦᠰᠴᠤ ᠴᠠᠭᠠᠨ ᠴᠢᠳᠠᠯᠠᠩ ᠬᠠᠳᠠᠭ ᠪᠠᠷᠢᠴᠢᠬᠠᠭᠠᠳ ᠤᠯᠠᠨ ᠤ ᠠᠷᠤ ᠳᠤ ᠵᠤᠭᠰᠤᠭᠠᠳ ᠦᠪᠡᠷ ᠤᠨ ᠡᠭᠡᠯᠵᠢ ᠪᠤᠯᠬᠤ ᠶᠢ ᠬᠦᠯᠢᠶᠡᠵᠦ ᠪᠠᠶᠢᠳᠠᠯ᠎ᠠ ᠡᠭᠦᠳᠡ ᠰᠠᠬᠢᠭᠴᠢ ᠢᠷᠡᠵᠦ ᠲᠡᠭᠦᠨ  ᠢ ᠮᠦᠷ ᠠᠴᠠ ᠨᠢ ᠲᠦᠯᠬᠢᠨ ᠭᠠᠷᠭᠠᠭᠠᠳ ᠤᠷᠤᠭᠤᠯᠤᠭᠰᠠᠨ ᠦᠭᠡᠢ ᠭᠡᠨ᠎ᠡ᠃      ᠮᠠᠷᠭᠠᠰᠢ ᠨᠢ ᠨᠢᠭᠡᠨ ᠲᠠᠨᠢᠯ ᠯᠠᠮᠠ ᠠᠴᠠ ᠰᠢᠷ᠎ᠠ ᠲᠤᠷᠭᠠᠨ ᠲᠡᠷᠯᠢᠭ ᠭᠤᠶᠤᠵᠦ ᠡᠮᠦᠰᠦᠭᠡᠳ᠂ ᠠᠯᠳᠠ ᠦᠨᠳᠦᠷ ᠲᠤᠷᠭᠠᠨ ᠬᠠᠳᠠᠭ ᠪᠠᠷᠢᠵᠦ᠂ ᠡᠪᠦᠷ ᠲᠦᠭᠦᠷᠡᠩ ᠴᠢᠯᠠᠭᠤ ᠡᠪᠦᠷᠯᠡᠴᠢᠭᠡᠭᠡᠳ᠂ ᠮᠦᠷᠭᠦᠯᠴᠢᠳ ᠤᠨ ᠲᠤᠮᠳᠠ ᠮᠦᠷᠯᠡᠨ ᠵᠤᠭᠰᠤᠭᠰᠠᠨ ᠳᠤ ᠲᠤᠷᠭᠠᠨ ᠲᠡᠪᠡᠯ ᠲᠠᠢ ᠶᠡᠭᠡ ᠮᠦᠩᠭᠦ ᠡᠪᠦᠷᠯᠡᠭᠰᠡᠨ ᠬᠦᠮᠦᠨ ᠭᠡᠵᠦ ᠪᠤᠳᠤᠭᠠᠳ ᠬᠤᠷᠢᠭᠯᠠᠭᠰᠠᠨ ᠦᠭᠡᠢ ᠪᠠᠷ ᠪᠤᠭᠳᠠ ᠶᠢᠨ ᠦᠷᠦᠭᠡᠨ ᠳᠤ ᠤᠷᠤᠭᠤᠯᠤᠭᠰᠠᠨ ᠶᠤᠮ ᠭᠡᠨ᠎ᠡ᠃ ᠲᠠᠩᠰᠦ᠋ᠷᠦᠩ ᠪᠤᠭᠳᠠ  ᠶᠢᠨ ᠦᠷᠦᠭᠡᠨ ᠳᠤ ᠤᠷᠤᠭᠠᠳ᠂ ᠪᠤᠰᠤᠳ ᠤᠨ ᠠᠳᠠᠯᠢ ᠮᠦᠷᠭᠦᠵᠦ ᠵᠤᠯᠭᠠᠬᠤ ᠶᠢ ᠶᠠᠭᠠᠷᠠᠭᠰᠠᠨ ᠦᠭᠡᠢ ᠬᠠᠷᠢᠨ ᠰᠢᠷ᠎ᠠ ᠲᠤᠷᠭᠠᠨ ᠲᠡᠷᠯᠢᠭ ᠢᠶᠠᠨ ᠲᠠᠶᠢᠯᠵᠦ ᠪᠠᠷᠠᠭᠤᠨ ᠡᠮᠦᠨ᠎ᠡ ᠨᠢ ᠡᠪᠭᠡᠵᠦ ᠲᠠᠯᠪᠢᠠᠭᠠᠳ ᠬᠡᠳᠦᠨ ᠴᠢᠯᠠᠭᠤ ᠪᠠᠨ ᠳᠡᠭᠡᠷ᠎ᠡ ᠨᠢ ᠤᠪᠤᠭᠠᠯᠠᠭᠠᠳ ᠲᠡᠷᠯᠢᠭ ᠴᠢᠯᠠᠭᠤ ᠬᠤᠶᠠᠷ ᠲᠠᠭᠠᠨ ᠮᠦᠷᠭᠦᠵᠦ ᠪᠠᠷᠠᠭᠠᠳ ᠰᠠᠶ᠋ᠢ ᠪᠤᠭᠳᠠ ᠳᠤ ᠮᠦᠷᠭᠦᠭᠰᠡᠨ ᠶᠤᠮ ᠭᠡᠨ᠎ᠡ᠂ ᠪᠤᠭᠳᠠ ᠶᠢᠨ ᠲᠡᠷᠭᠡᠳᠡ ᠶᠢᠨ ᠬᠦᠮᠦᠰ ᠲᠤᠷ᠎ᠠ ᠦᠭᠡᠶᠢᠴᠡᠵᠦ᠄      —— ᠴᠢ ᠶᠠᠭᠠᠬᠢᠭᠠᠳ ᠤᠷᠢᠳᠠᠪᠠᠷ ᠲᠡᠪᠡᠯ ᠬᠤᠪᠴᠠᠰᠤᠨ ᠳᠠᠭᠠᠨ ᠮᠦᠷᠭᠦᠳᠡᠭ ᠪᠤᠢ᠂ ᠲᠡᠪᠡᠯ ᠳᠡᠭᠡᠨ ᠮᠦᠷᠬᠦᠬᠦ ᠶᠤᠮ ᠪᠤᠯ ᠠᠳᠡ ᠢᠷᠡᠭᠡᠳ ᠶᠠᠭᠤ ᠬᠢᠬᠦ ᠶᠤᠮ᠂ ᠭᠡᠷ ᠲᠡᠭᠡᠨ ᠮᠦᠷᠭᠦᠨ᠎ᠡ ᠪᠠ︖ ᠭᠡᠰᠡᠨ ᠳᠤ ᠲᠠᠩᠰᠦ᠋ᠷᠦᠩ᠄      —— ᠪᠢ ᠲᠤᠷᠭᠠᠨ ᠲᠡᠪᠡᠯ᠂ ᠲᠤᠭᠠᠳᠠᠢ ᠴᠢᠯᠠᠭᠤ ᠶᠢᠨ ᠠᠴᠢ ᠪᠠᠷ ᠪᠤᠭᠳᠠ ᠳᠤ ᠪᠠᠷᠠᠭᠠᠯᠠᠵᠦ ᠴᠢᠳᠠᠯ᠎ᠠ᠂ ᠡᠰᠡ ᠲᠡᠶᠢᠮᠦ ᠪᠤᠯ ᠪᠤᠭᠳᠠ ᠳᠤ ᠮᠦᠷᠭᠦᠵᠦ ᠴᠢᠳᠠᠬᠤ ᠦᠭᠡᠢ ᠶᠤᠮ᠂ ᠲᠡᠶᠢᠮᠦ ᠪᠠᠷ ᠤᠷᠢᠳᠠᠵᠦ ᠮᠦᠷᠭᠦᠭᠰᠡᠨ ᠶᠤᠮ ᠭᠡᠬᠦ ᠳᠤ ᠬᠠᠷᠢᠭᠤ ᠦᠴᠢᠵᠦ ᠴᠢᠳᠠᠭᠰᠠᠨ ᠬᠦᠮᠦᠨ ᠦᠭᠡᠢ ᠭᠡᠳᠡᠭ᠃      ⒊ ᠲᠠᠩᠰᠦ᠋ᠷᠦᠩ᠂ ᠠᠷᠤ ᠪᠤᠭᠳᠠ ᠶᠢᠨ ᠭᠡᠭᠡᠨ ᠲᠠᠢ ᠲᠠᠨᠢᠯᠴᠠᠭᠠᠳ ᠵᠤᠭᠤᠭ ᠳᠡᠯᠭᠡᠵᠦ ᠰᠠᠭᠤᠵᠦ ᠪᠠᠶᠢᠵᠠᠢ᠃ ᠲᠡᠭᠡᠳᠡᠯ᠎ᠡ ᠭᠠᠳᠠᠨ᠎ᠠ ᠠᠴᠠ ᠮᠦᠷᠭᠦᠯᠴᠢᠳ ᠤᠷᠤᠵᠦ ᠢᠷᠡᠭᠡᠳ ᠴᠤᠬᠤᠮ ᠠᠯᠢ ᠨᠢ ᠪᠤᠭᠳᠠ ᠪᠤᠯᠬᠤ ᠶᠢ ᠦᠯᠦ ᠲᠠᠨᠢᠬᠤ ᠲᠤᠯᠠ ᠡᠭ ᠮᠡᠭ ᠭᠡᠵᠦ ᠲᠤᠨᠤᠭᠤᠯᠵᠢᠵᠦ ᠪᠠᠶᠢᠬᠤ ᠶᠢ ᠦᠵᠡᠭᠡᠳ ᠲᠡᠷᠡ᠄ ︽ᠪᠤᠭᠤᠳᠠᠯ ᠲᠠᠢ ᠲᠤᠷᠭᠠᠨ ᠳᠤ ᠮᠦᠷᠭᠦᠶ᠎ᠡ ᠭᠡᠪᠡᠯ ᠲᠡᠰᠢ ᠪᠠᠨ︾ ᠭᠡᠵᠦ ᠲᠡᠷᠭᠡᠳᠡ ᠶᠢᠨ ᠯᠠᠮᠠ   ᠶᠢ ᠵᠢᠭᠠᠭᠠᠳ᠂ ︽ᠪᠤᠳᠢ ᠰᠤᠳᠤᠷ ᠲᠤ ᠮᠦᠷᠭᠦᠶ᠎ᠡ ᠭᠡᠪᠡᠯ ᠨᠠᠰᠢ ᠪᠠᠨ︾ ᠭᠡᠵᠦ ᠪᠡᠶ᠎ᠡ ᠪᠠᠨ ᠵᠢᠭᠠᠭᠠᠳ᠂ ︽ᠪᠤᠭᠳᠠ ᠳᠠᠭᠠᠨ ᠮᠦᠷᠭᠦᠶ᠎ᠡ ᠭᠡᠪᠡᠯ ᠡᠰᠢ ᠪᠠᠨ︾ ᠭᠡᠵᠦ ᠪᠤᠭᠳᠠ ᠶᠢᠨ ᠵᠦᠭ ᠵᠢᠭᠠᠵᠦ ᠦᠭᠭᠦᠭᠡᠳ᠂ ᠪᠤᠭᠳᠠ ᠶᠢᠨ ᠲᠡᠷᠭᠡᠳᠡ ᠪᠠᠷ᠎ᠠ ᠪᠤᠯᠤᠭᠴᠢ ᠭᠡᠷᠬᠢᠮᠳᠡᠨ ᠯᠠᠮᠠ ᠶᠢ ᠨᠤᠮ ᠡᠷᠳᠡᠮ ᠦᠭᠡᠢ᠂ ᠵᠦᠪᠬᠡᠨ ᠲᠤᠷᠭᠠᠨ ᠳᠤ ᠪᠠᠭᠯᠠᠭᠰᠠᠨ ᠶᠠᠭᠤᠮ᠎ᠠ ᠭᠡᠵᠦ ᠲᠠᠭᠠᠷᠢᠭᠤᠯᠵᠦ ᠭᠡᠨ᠎ᠡ᠃      ᠦᠵᠦᠮᠦᠴᠢᠨ ᠴᠢᠨ ᠸᠠᠩ ᠬᠠᠯᠬ᠎ᠠ ᠶᠢᠨ ᠶᠡᠭᠡ ᠬᠦᠷᠢᠶ᠎ᠡ ᠪᠤᠯᠤᠨ ᠶᠦᠭᠦᠵᠢᠷ ᠯᠠᠮᠠᠬᠠᠢ ᠶᠢᠨ ᠬᠡᠶᠢᠳ ᠲᠤ ᠮᠤᠷᠢᠯᠠᠭᠰᠠᠨ—— ᠦᠵᠦᠮᠦᠴᠢᠨ ᠪᠠᠷᠠᠭᠤᠨ ᠬᠤᠰᠢᠭᠤᠨ ᠤ ᠵᠠᠰᠠᠭ ᠴᠢᠨ ᠸᠠᠩ ᠰᠤᠳᠨᠠᠮᠷᠠᠪᠳᠠᠨ ᠨᠤᠶᠠᠨᠳᠠᠨ  ᠢᠶᠠᠷ ᠬᠤᠰᠢᠭᠤ ᠨᠤᠲᠤᠭ ᠤᠨ ᠡᠩᠬᠡ ᠠᠮᠤᠭᠤᠯᠠᠩ ᠬᠢᠭᠡᠳ ᠠᠷᠠᠳ ᠮᠠᠯᠴᠢᠳ ᠢᠶᠠᠨ ᠠᠮᠤᠷ ᠪᠠᠶᠠᠰᠬᠤᠯᠠᠩ ᠪᠠᠶᠢᠯᠭᠠᠬᠤ ᠪᠠ ᠲᠠᠶᠢᠨ ᠲᠠᠵᠢᠨ ᠤ ᠦᠢᠮᠡᠭᠡᠨ ᠰᠠᠮᠠᠭᠤᠨ ᠬᠢᠭᠡᠳ ᠭᠠᠮᠰᠢᠭ ᠵᠤᠪᠠᠯᠠᠩ ᠠᠴᠠ ᠵᠠᠶᠢᠯᠠᠭᠤᠯᠬᠤ ᠶᠢᠨ ᠲᠤᠰᠠᠳᠠ ᠬᠠᠯᠬ᠎ᠠ ᠶᠢᠨ ᠶᠡᠭᠡ ᠬᠦᠷᠢᠶ᠎ᠡ ᠪᠤᠯᠤᠨ ᠶᠦᠭᠦᠵᠢᠷ ᠯᠠᠮᠠᠬᠠᠢ ᠶᠢᠨ ᠬᠡᠶᠢᠳ ᠵᠡᠷᠭᠡ ᠭᠠᠵᠠᠷ ᠢᠶᠠᠷ ᠬᠦᠷᠴᠤ᠂ ᠵᠢᠪᠽᠤᠨᠳᠠᠮᠪᠠ ᠬᠤᠳᠤᠭᠳᠤ ᠪᠤᠯᠤᠨ ᠶᠦᠭᠦᠵᠢᠷ ᠪᠯᠠᠮ᠎ᠠ ᠶᠢᠨ ᠦᠯᠡᠮᠡᠢ ᠪᠠᠳᠤᠳᠬᠠᠬᠤ ᠮᠠᠨᠳᠠᠯ ᠳᠤ ᠡᠷᠭᠦᠯ ᠮᠦᠷᠭᠦᠯ ᠭᠦᠢᠴᠡᠳᠭᠡᠨ ᠪᠤᠶᠠᠨ ᠤ ᠮᠦᠷ ᠢ ᠬᠢᠵᠦ ᠶᠠᠪᠤᠬᠤ ᠳᠠᠭᠠᠨ ᠬᠤᠶᠠᠷ ᠤᠷᠤᠨ ᠤ ᠨᠦᠬᠦᠷᠰᠡᠭ ᠶᠠᠪᠤᠯᠴᠠᠭ᠎ᠠ ᠶᠢ ᠬᠠᠷᠠᠭᠤᠯᠤᠭᠰᠠᠨ ᠦᠨᠡᠳᠦ ᠲᠤᠷᠠᠳᠬᠠᠯ ᠢ ᠦᠯᠡᠳᠡᠭᠡᠭᠰᠡᠨ ᠪᠢᠯᠡ᠃      ᠨᠤᠶᠠᠨᠳᠠᠨ ᠠᠷᠪᠠ ᠶᠢᠰᠦᠨ ᠨᠠᠰᠤᠨ ᠳᠠᠭᠠᠨ ᠬᠠᠯᠬ᠎ᠠ ᠶᠢᠨ ᠶᠦᠭᠦᠵᠢᠷ ᠪᠯᠠᠮ᠎ᠠ ᠶᠢ ᠵᠠᠯᠠᠵᠦ ᠢᠷᠡᠭᠡᠳ ᠦᠯᠡᠮᠡᠢ ᠪᠠᠳᠤᠳᠬᠠᠬᠤ ᠮᠠᠨᠳᠠᠯ ᠳᠤ ᠵᠠᠭᠤ ᠭᠠᠷᠤᠢ ᠯᠠᠩ ᠮᠦᠩᠭᠦ ᠡᠷᠭᠦᠪᠡ᠃      1905 ᠤᠨ ᠤ ᠬᠦᠬᠡᠭᠴᠢᠨ ᠮᠤᠭᠠᠢ ᠵᠢᠯ ᠶᠡᠭᠡ ᠬᠦᠷᠢᠶᠡᠨ ᠳᠤ ᠵᠠᠯᠠᠷᠠᠨ ᠬᠦᠷᠴᠤ ᠲᠤᠤᠯᠠ ᠭᠤᠤᠯ ᠤᠨ ᠬᠦᠪᠡᠭᠡᠨ᠎ᠡ ᠰᠢᠷ᠎ᠠ ᠤᠷᠳᠤᠨ ᠪᠠ ᠰᠢᠷ᠎ᠡ ᠬᠦᠷᠢᠶ᠎ᠡ ᠪᠠᠶᠢᠭᠤᠯᠤᠨ᠂ ᠠᠷᠪᠠᠨ ᠭᠤᠷᠪᠠᠳᠤᠭᠠᠷ ᠲᠦᠷᠢ ᠶᠢᠨ ᠳᠠᠯᠠᠢ ᠪᠯᠠᠮ᠎ᠠ  ᠢ ᠵᠠᠯᠠᠪᠠ᠃ ᠡᠭᠦᠨ ᠤ ᠬᠠᠮᠳᠤ ᠵᠢᠪᠽᠤᠨᠳᠠᠮᠪᠠ ᠬᠤᠳᠤᠭᠳᠤ ᠳᠤᠷ ᠦᠯᠡᠮᠡᠢ ᠪᠠᠳᠤᠳᠬᠠᠬᠤ ᠶᠢᠨ ᠮᠠᠨᠳᠠᠯ ᠡᠷᠭᠦᠵᠦ ᠨᠠᠢᠮᠠᠨ ᠮᠢᠩᠭᠠᠨ ᠯᠠᠩ ᠮᠦᠩᠭᠦ᠂ ᠵᠠᠭᠤᠨ ᠠᠳᠤᠭᠤ ᠰᠠᠯᠳᠠ ᠡᠷᠭᠦᠭᠰᠡᠨ ᠶᠤᠮ᠃      ᠨᠤᠶᠠᠨᠳᠠᠨ ᠬᠤᠷᠢᠨ ᠲᠠᠪᠤᠨ ᠨᠠᠰᠤᠨ ᠳᠠᠭᠠᠨ᠂ ᠦᠯᠡᠮᠡᠢ ᠪᠠᠳᠤᠳᠬᠠᠬᠤ ᠷᠠᠰᠠᠩ ᠤᠨ ᠡᠷᠳᠡᠨᠢᠳᠤᠷᠵᠢ᠂ ᠰᠤᠩᠳᠤᠢ ᠬᠤᠶᠠᠷ ᠢ ᠶᠦᠭᠦᠵᠢᠷ ᠯᠠᠮᠠ ᠶᠢᠨ ᠬᠡᠶᠢᠳ ᠲᠤ ᠶᠠᠪᠤᠭᠤᠯᠵᠦ᠂ ᠡᠮ ᠵᠠᠰᠠᠯ ᠰᠤᠷᠤᠯᠴᠠᠭᠤᠯᠤᠭᠰᠠᠨ ᠪᠠ ᠡᠪᠡᠳᠴᠢᠳᠡᠨ ᠢ ᠡᠮᠴᠢᠯᠡᠭᠦᠯᠦᠨ ᠤᠯᠠᠨ ᠬᠦᠮᠦᠨ ᠳᠤ ᠲᠤᠰᠠ ᠬᠢᠯᠭᠡᠭᠰᠡᠨ ᠪᠦᠭᠡᠳ ᠲᠡᠭᠦᠨ ᠤ ᠲᠠᠷᠠᠭ᠎ᠠ ᠪᠡᠶ᠎ᠡ ᠶᠢᠨ ᠰᠢᠳᠡᠷ ᠰᠧᠮᠪᠠ ᠪᠤᠯᠤᠨ ᠳ᠋ᠠᠷᠮᠠᠰᠢᠷᠢ ᠭᠡᠳᠡᠭ ᠬᠤᠶᠠᠷ ᠡᠮᠴᠢ ᠶᠢ ᠰᠠᠭᠤᠯᠭᠠᠨ ᠬᠤᠯᠠ ᠤᠶᠢᠷ᠎ᠡ ᠶᠢᠨ ᠮᠠᠰᠢ ᠤᠯᠠᠨ ᠡᠪᠡᠳᠴᠢᠳᠡᠨ ᠢ ᠠᠨᠠᠭᠠᠵᠦ ᠪᠤᠶᠠᠨ ᠦᠢᠯᠡᠳᠦᠪᠡ᠃ ᠮᠦᠨ ᠲᠤᠰ ᠵᠢᠯ ᠳᠤ᠂ ᠨᠤᠶᠠᠨᠳᠠᠨ ᠠᠴᠠ ᠵᠢᠪᠽᠤᠨᠳᠠᠮᠪᠠ ᠬᠤᠳᠤᠭᠳᠤ ᠳᠤ ᠦᠵᠦᠮᠦᠴᠢᠨ ᠬᠤᠰᠢᠭᠤᠨ ᠤ ᠪᠠᠨ ᠰᠢᠷ᠎ᠠ ᠬᠠᠷ᠎ᠠ ᠠᠷᠠᠳ ᠬᠤᠶᠠᠭ ᠪᠦᠬᠦᠨ ᠤ ᠬᠦᠨᠦᠭᠡᠯ ᠲᠤᠳᠬᠠᠷ  ᠢ ᠠᠷᠢᠯᠭᠠᠵᠦ᠂ ᠠᠮᠤᠷ ᠲᠦᠪᠰᠢᠨ ᠢᠶᠠᠷ ᠠᠵᠦ ᠲᠦᠷᠦᠬᠦ ᠶᠢᠨ ᠲᠤᠯᠠᠳᠠ ᠠᠪᠤᠷᠠᠯ ᠠᠶᠢᠯᠠᠳᠬᠠᠵᠦ ᠨᠢᠭᠡ ᠵᠠᠭᠤᠨ ᠴᠠᠭᠠᠨ ᠮᠤᠷᠢᠨ ᠢ ᠡᠷᠭᠦᠪᠡ᠃      ᠨᠤᠶᠠᠨᠳᠠᠨ ᠢᠶᠠᠷ 1917 ᠤᠨ ᠤ ᠤᠯᠠᠭᠴᠢᠨ ᠮᠤᠭᠠᠢ ᠵᠢᠯ ᠤᠨ ᠬᠠᠪᠤᠷ᠂ ᠬᠠᠯᠬ᠎ᠠ ᠶᠢᠨ ᠶᠦᠭᠦᠵᠢᠷ ᠪᠯᠠᠮ᠎ᠠ  ᠶᠢᠨ ᠬᠡᠶᠢᠳ ᠲᠤ ᠵᠠᠯᠠᠷᠠᠨ ᠬᠦᠷᠴᠤ᠂ ᠶᠦᠭᠦᠵᠢᠷ ᠪᠯᠠᠮ᠎ᠠ ᠳᠤ ᠦᠯᠡᠮᠡᠢ ᠪᠠᠳᠤᠳᠬᠠᠬᠤ ᠮᠠᠨᠳᠠᠯ ᠡᠷᠭᠦᠵᠦ ᠮᠢᠩᠭ᠎ᠠ ᠭᠠᠷᠤᠢ ᠯᠠᠩ ᠮᠦᠩᠭᠦ ᠡᠷᠭᠦᠬᠦ ᠳᠡᠭᠡᠨ ᠠᠶᠤᠰᠢ ᠶᠢᠨ ᠠᠪᠢᠰᠢᠭ᠂ ᠲᠦᠷᠭᠡᠨ ᠰᠢᠨᠵᠢᠬᠦ ᠴᠠᠭᠠᠨ ᠬᠠᠷ᠎ᠠ ᠠᠯᠠᠭ ᠭᠤᠷᠪᠠ  ᠶᠢᠨ ᠡᠰᠢ ᠶᠢ ᠭᠦᠷᠳᠡᠪᠡ᠃              ᠬᠠᠳᠠᠪᠴᠢ — ᠪᠢᠴᠢᠭᠳᠦ ᠪᠤᠭᠤᠮᠳᠠ ᠪᠠᠷ ᠨᠡᠪᠳᠡᠷᠡᠭᠰᠡᠨ ᠠᠩᠬᠠᠨ ᠤ ᠠᠷᠠᠯᠵᠢᠶ᠎ᠠ      ᠲᠤᠮᠳᠠᠳᠤ ᠮᠤᠩᠭᠤᠯ ᠤᠨ ᠬᠠᠷ᠎ᠠ ᠠᠳᠤᠭᠤᠨ ᠠᠷᠠᠯᠵᠢᠶ᠎ᠠ — ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ ᠡᠬᠢᠨ ᠤ ᠦᠶ᠎ᠡ ᠳᠤ᠂ ᠲᠤᠮᠳᠠᠳᠤ ᠮᠤᠩᠭᠤᠯ ᠬᠤᠶᠠᠷ ᠤᠯᠤᠰ ᠨᠠᠶᠢᠷᠠᠮᠳᠠᠯ ᠤᠨ ᠭᠠᠳᠠᠭᠠᠳᠤ ᠬᠠᠷᠢᠴᠠᠭ᠎ᠠ ᠪᠠᠶᠢᠭᠤᠯᠵᠦ᠂ ᠠᠵᠦ ᠠᠬᠤᠢ ᠶᠢᠨ ᠲᠠᠯ᠎ᠠ ᠪᠠᠷ ᠬᠢᠯᠢ ᠶᠢᠨ ᠪᠤᠭᠤᠮᠳᠠ ᠨᠡᠭᠡᠭᠡᠵᠦ᠂ ᠨᠦᠬᠦᠷᠰᠡᠭ ᠠᠷᠠᠯᠵᠢᠶ᠎ᠠ ᠶᠠᠪᠤᠭᠳᠠᠵᠦ ᠪᠠᠶᠢᠭᠰᠠᠨ ᠲᠤᠬᠠᠢ ᠨᠢᠭᠡᠨ ᠵᠢᠱᠢᠶ᠎ᠠ ᠶᠢ ᠲᠤᠷᠠᠳᠪᠠᠯ ᠲᠠᠷᠤᠢ ︽ᠬᠠᠷ᠎ᠠ ᠠᠳᠤᠭᠤᠨ ᠠᠷᠠᠯᠵᠢᠶ᠎ᠠ ᠪᠠᠷ ᠲᠠᠸᠠᠷ ᠤᠨ ᠰᠤᠯᠢᠯᠴᠠᠭ᠎ᠠ︾ ᠬᠢᠵᠦ ᠪᠠᠶᠢᠭᠰᠠᠨ ᠶᠠᠪᠤᠳᠠᠯ ᠪᠤᠯᠤᠨ᠎ᠠ᠃ ᠮᠠᠨ ᠤ ᠤᠯᠤᠰ ᠤᠨ ᠲᠠᠷᠢᠶᠠᠯᠠᠩ ᠤᠨ ᠬᠦᠴᠦᠨ ᠲᠤᠷᠤᠢ᠂ ᠮᠠᠰᠢᠨ ᠲᠧᠭᠨᠢᠭ ᠬᠦᠭᠵᠢᠭᠡᠳᠦᠢ ᠪᠠᠶᠢᠭᠰᠠᠨ ᠲᠤᠬᠠᠢ ᠶᠢᠨ ᠲᠡᠷᠡ ᠦᠶ᠎ᠡ ᠳᠤ᠂ ᠮᠤᠩᠭᠤᠯ ᠤᠯᠤᠰ ᠤᠨ ᠠᠵᠦ ᠠᠬᠤᠢ ᠶᠢᠨ ᠲᠠᠪᠠᠭᠤᠯᠢᠭ ᠪᠤᠯᠬᠤ ᠮᠤᠩᠭᠤᠯ ᠠᠳᠤᠭᠤ ᠶᠢ ᠶᠡᠬᠡᠪᠡᠷ ᠤᠷᠤᠭᠤᠯᠵᠦ᠂ ᠲᠠᠷᠢᠶᠠᠯᠠᠩ ᠤᠨ ᠦᠨᠳᠦᠰᠦᠨ ᠦᠢᠯᠡᠳᠪᠦᠷᠢᠯᠡᠯ ᠤᠨ ᠬᠦᠴᠦᠨ ᠢ ᠰᠠᠶᠢᠵᠢᠷᠠᠭᠤᠯᠵᠦ᠂ ᠭᠠᠵᠠᠷ ᠬᠠᠭᠠᠯᠪᠤᠷᠢᠯᠠᠬᠤ᠂ ᠠᠮᠤ ᠲᠡᠭᠡᠷᠡᠮᠳᠡᠨ ᠪᠤᠯᠪᠠᠰᠤᠷᠠᠭᠤᠯᠬᠤ᠂ ᠴᠢᠮᠡᠭᠡ ᠬᠤᠯᠪᠤᠭ᠎ᠠ ᠶᠢ ᠨᠡᠪᠳᠡᠷᠡᠭᠦᠯᠬᠦ᠂ ᠴᠡᠷᠢᠭ ᠤᠨ ᠠᠭᠳᠠ ᠨᠦᠬᠦᠪᠦᠷᠢᠯᠡᠬᠦ ᠵᠡᠷᠭᠡ ᠲᠠᠷᠢᠶᠠᠯᠠᠩ ᠤᠨ ᠦᠢᠯᠡᠰ ᠢ ᠠᠬᠢᠭᠤᠯᠬᠤ ᠪᠠ ᠤᠯᠤᠰ ᠤᠨ ᠪᠠᠳᠤᠯᠠᠨ ᠬᠠᠮᠠᠭᠠᠯᠠᠯᠳᠠ ᠶᠢᠨ ᠦᠢᠯᠡᠰ ᠲᠤ ᠦᠢᠯᠡᠴᠢᠯᠡᠭᠦᠯᠵᠦ ᠪᠠᠶᠢᠵᠠᠢ᠃ ᠬᠠᠮᠢᠶ᠎ᠠ ᠪᠦᠬᠦᠢ ᠲᠡᠮᠳᠡᠭᠯᠡᠯ ᠢ ᠦᠨᠳᠦᠰᠦᠯᠡᠪᠡᠯ᠂ ᠬᠠᠷ᠎ᠠ ᠠᠳᠤᠭᠤ ᠨᠢ ᠮᠠᠨ ᠤ ᠤᠯᠤᠰ ᠪᠤᠯᠤᠨ ᠮᠤᠩᠭᠤᠯ ᠤᠯᠤᠰ ᠤᠨ ᠬᠤᠭᠤᠷᠤᠨᠳᠤ ᠶᠠᠪᠤᠭᠳᠠᠵᠦ ᠪᠠᠶᠢᠭᠰᠠᠨ ᠭᠠᠳᠠᠭᠠᠳᠤ ᠠᠷᠠᠯᠵᠢᠶ᠎ᠠ ᠬᠤᠳᠠᠯᠳᠤᠭᠠᠨ ᠤ ᠭᠤᠤᠯ ᠰᠤᠯᠢᠯᠴᠠᠭᠠᠨ ᠤ ᠠᠭᠤᠯᠭ᠎ᠠ ᠪᠤᠯᠤᠭᠰᠠᠨ ᠢᠶᠠᠷ ᠬᠤᠶᠠᠷ ᠤᠯᠤᠰ ᠤᠨ ᠵᠠᠰᠠᠭ ᠤᠨ ᠭᠠᠵᠠᠷ ᠤᠨ ᠭᠠᠳᠠᠭᠳᠤ ᠶᠠᠪᠤᠳᠠᠯ ᠤᠨ ᠬᠡᠷ᠎ᠡ ᠬᠡᠯᠡᠯᠭᠡ ᠶᠢᠨ ᠵᠢᠷᠤᠮ ᠶᠤᠰᠤᠭᠠᠷ ᠵᠢᠯ ᠪᠦᠷᠢ ᠨᠢᠭᠡ ᠤᠳᠠᠭ᠎ᠠ ᠶᠠᠪᠤᠭᠳᠠᠵᠦ᠂ ᠮᠠᠨ ᠤ ᠤᠯᠤᠰ ᠲᠤᠭᠳᠠᠭᠰᠠᠨ ᠲᠤᠭ᠎ᠠ ᠶᠤᠰᠤᠭᠠᠷ ᠠᠳᠤᠭᠤ ᠶᠢ ᠤᠷᠤᠭᠤᠯᠵᠦ ᠠᠪᠬᠤ ᠪᠠ ᠮᠤᠩᠭᠤᠯ ᠤᠯᠤᠰ ᠲᠤ ᠲᠤᠬᠢᠷᠠᠮᠵᠢᠳᠠᠢ ᠡᠯ᠎ᠡ ᠵᠦᠢᠯ ᠤᠨ ᠲᠠᠸᠠᠷ ᠤᠨ ᠪᠤᠳᠠᠰ ᠢ ᠭᠠᠷᠭᠠᠵᠦ ᠪᠠᠶᠢᠵᠠᠢ᠃      ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤᠨ ᠤ ᠬᠠᠳᠠᠪᠴᠢ ᠪᠤᠯᠤᠨ ᠮᠤᠩᠭᠤᠯ ᠤᠯᠤᠰ ᠤᠨ ᠰᠦᠭᠡᠪᠠᠭᠠᠳᠤᠷ ᠠᠶᠢᠮᠠᠭ ᠤᠨ ᠪᠢᠴᠢᠭᠳᠦ ᠪᠤᠭᠤᠮᠳᠠ ᠪᠤᠯ ᠲᠤᠬᠠᠢ ᠶᠢᠨ ᠦᠶ᠎ᠡ ᠶᠢᠨ ᠠᠷᠠᠯᠵᠢᠶᠠᠨ ᠤ ᠭᠤᠤᠯ ᠱᠤᠭᠤᠮ ᠪᠤᠶᠤ ᠠᠵᠢᠯᠯᠠᠭᠠᠨ ᠤ ᠲᠦᠪ ᠪᠠᠶᠢᠭᠰᠠᠨ ᠶᠤᠮ᠃ ᠮᠠᠨ ᠤ ᠲᠠᠯ᠎ᠠ ᠶᠢᠨ ︽ᠠᠳᠤᠭᠤ ᠲᠤᠰᠴᠤ ᠠᠪᠬᠤ ᠦᠷᠳᠡᠭᠡ︾  ᠨᠢ ᠵᠡᠭᠦᠨ ᠬᠠᠳᠠᠪᠴᠢ ᠶᠢᠨ ︵ᠤᠳᠤᠬᠢ ᠱᠠᠩᠳᠤ ᠭᠠᠴᠠᠭ᠎ᠠ ᠶᠢᠨ ᠨᠤᠲᠤᠭ︶ ᠡᠩᠬᠡᠷ ᠬᠡᠮᠡᠬᠦ ᠭᠠᠵᠠᠷ ᠪᠠᠶᠢᠷᠢᠯᠡᠵᠦ᠂ ᠠᠭᠤᠵᠢᠮ ᠮᠤᠳᠤᠨ ᠬᠦᠷᠢᠶ᠎ᠡ ᠪᠤᠯᠤᠨ ᠬᠡᠳᠦᠨ ᠢᠰᠡᠭᠡᠢ ᠭᠡᠷ ᠶᠢᠨ ᠲᠦᠬᠦᠮ ᠤᠷᠤᠨ ᠰᠠᠭᠤᠴᠠ ᠲᠠᠢ ᠪᠠᠶᠢᠭᠰᠠᠨ ᠢᠶᠠᠨ ᠬᠤᠵᠢᠮ ᠨᠢ ᠲᠤᠭᠤᠰᠬ᠎ᠠ ᠰᠢᠪᠠᠷ ᠤᠨ ᠪᠦᠳᠦᠴᠡ ᠲᠠᠢ ᠬᠦᠯᠢᠶᠡᠨ ᠠᠪᠬᠤ ᠰᠠᠭᠤᠷᠢᠰᠢᠯ ᠢ ᠪᠠᠶᠢᠭᠤᠯᠵᠠᠢ᠃ ᠡᠨᠡ ᠨᠢ ᠬᠢᠯᠢ ᠶᠢᠨ ᠱᠤᠭᠤᠮ ᠠᠴᠠ ᠲᠤᠲᠤᠭᠰᠢ ᠠᠷᠪᠠᠭᠠᠳ ᠭᠠᠵᠠᠷ ᠤᠨ ᠵᠠᠶᠢᠳᠠᠢ ᠪᠠᠶᠢᠳᠠᠭ ᠪᠠ ᠭᠤᠪᠢ ᠶᠢᠨ ᠵᠡᠭᠦᠨ ᠵᠠᠬ᠎ᠠ ᠳᠤ ᠪᠠᠶᠢᠷᠢᠯᠠᠵᠦ ᠪᠤᠢ᠃ ᠬᠠᠷ᠎ᠠ ᠠᠳᠤᠭᠤᠨ ᠰᠦᠷᠦᠭ ᠨᠢ ᠬᠢᠯᠢ ᠶᠢᠨ ᠪᠤᠭᠤᠮᠳᠠ ᠶᠢ ᠭᠠᠷᠬᠤ ᠳᠤ ᠬᠠᠯᠬ᠎ᠠ ᠶᠢᠨ ᠲᠠᠯ᠎ᠠ ᠶᠢᠨ ᠠᠳᠤᠭᠤᠴᠢᠳ ᠪᠢᠴᠢᠭᠳᠦ ᠶᠢᠨ ᠡᠩᠭᠡᠷ ᠢᠶᠠᠷ ᠢᠷᠡᠬᠦ ᠦᠶᠡᠰ ᠲᠤ ᠮᠠᠨ ᠤ ᠲᠠᠯ᠎ᠠ ᠨᠢ ᠬᠤᠶᠠᠷ ᠬᠠᠳᠠᠪᠴᠢ ᠶᠢᠨ ᠬᠤᠭᠤᠷᠤᠨᠳᠤ ᠲᠤᠰᠴᠤ ᠬᠦᠯᠢᠶᠡᠨ ᠠᠪᠤᠭᠠᠳ ᠬᠠᠳᠠᠪᠴᠢ ᠶᠢᠨ ᠦᠷᠳᠡᠭᠡᠨ ᠤ ᠮᠤᠳᠤᠨ ᠭᠡᠷᠡᠮ ᠳᠤ ᠬᠠᠰᠢᠵᠦ ᠬᠤᠷᠢᠭᠰᠠᠨ ᠢᠶᠠᠨ ᠲᠤᠰᠬᠠᠢ ᠬᠠᠰᠢᠷ ᠮᠠᠯᠴᠢᠳ ᠢ ᠤᠷᠢᠵᠦ᠂ ᠰᠢᠳᠦ ᠶᠢ ᠨᠢ ᠦᠵᠡᠵᠦ ᠨᠠᠰᠤ ᠶᠢ ᠨᠢ ᠲᠠᠭᠠᠷᠠᠭᠤᠯᠵᠦ᠂ ᠲᠤᠭ᠎ᠠ ᠲᠤᠯᠤᠭᠠᠢ ᠶᠤᠰᠤᠭᠠᠷ ᠰᠢᠯᠭᠠᠨ ᠠᠪᠳᠠᠭ ᠪᠠᠶᠢᠵᠠᠢ᠃ ᠲᠠᠬᠢᠨ ᠦᠪᠡᠷ ᠤᠨ ᠭᠠᠯᠠᠶᠢᠴᠢᠳ ᠲᠠᠭᠠᠨ ᠦᠭᠴᠦ᠂ ᠴᠤᠷᠵᠢ ᠶᠢᠨ ᠰᠦᠮ᠎ᠡ ᠪᠤᠶᠤ ︽ᠳ᠋ᠦᠩ ᠶᠢᠨ ᠡᠬᠢ︾ ᠭᠡᠮᠡᠬᠦ ᠬᠤᠶᠠᠷ ᠭᠠᠵᠠᠷ ᠵᠦᠭ ᠬᠦᠭᠡᠭᠡᠵᠦ᠂ ᠲᠡᠨᠳᠡ ᠠᠴᠠ ᠡᠯ᠎ᠡ ᠮᠤᠵᠢ ᠶᠢᠨ ᠠᠳᠤᠭᠤ ᠠᠪᠬᠤ ᠬᠦᠮᠦᠰ ᠨᠢ ᠲᠤᠰᠴᠤ ᠬᠦᠯᠢᠶᠡᠨ ᠠᠪᠳᠠᠭ ᠶᠤᠮ ᠭᠡᠨ᠎ᠡ᠃ ᠡᠨᠡ ᠬᠤᠶᠠᠷ ᠴᠢᠭ ᠲᠤ ᠮᠦᠨ ᠠᠳᠤᠭᠤ ᠬᠠᠰᠢᠬᠤ  ᠬᠡᠷᠡᠮ ᠬᠠᠰᠢᠶ᠎ᠠ ᠲᠠᠢ ᠪᠠᠶᠢᠯ᠎ᠠ ᠭᠡᠳᠡᠭ᠃ ᠨᠢᠭᠡ ᠪᠦᠭᠡᠮ ᠬᠦᠭᠡᠭᠡᠵᠦ ᠢᠷᠡᠬᠦ ᠠᠳᠤᠭᠤ ᠶᠢ 7 —8  ᠵᠠᠭᠤᠨ ᠲᠤᠯᠤᠭᠠᠢ ᠶᠢ ᠨᠢᠭᠡ ᠰᠦᠷᠦᠭ ᠪᠤᠯᠭᠠᠵᠦ ᠰᠠᠭᠤᠷᠢᠯᠠᠳᠠᠭ ᠠᠵᠠᠢ᠃ 1960 ᠤᠨ ᠠᠴᠠ ︽ᠠᠳᠤᠭᠤ ᠲᠤᠰᠴᠤ ᠠᠪᠬᠤ ᠦᠷᠳᠡᠭᠡ︾ ᠶᠢᠨ ᠪᠠᠷᠢᠯᠭ᠎ᠠ ᠶᠢ ᠲᠠᠬᠢᠨ ᠰᠢᠨᠡᠳᠭᠡᠵᠦ᠂ ᠪᠠᠩᠰᠠ ᠪᠠᠷ ᠬᠠᠪᠴᠢᠭᠰᠠᠨ ᠨᠦᠳᠦᠮᠡᠯ ᠰᠢᠪᠠᠷ ᠬᠡᠷᠡᠮ ᠪᠤᠯᠤᠨ ᠰᠢᠪᠠᠷ ᠪᠠᠶᠢᠰᠢᠩ ᠢ ᠪᠤᠰᠬᠠᠵᠦ ᠪᠠᠶᠢᠭᠰᠠᠨ ᠶᠤᠮ᠃ ᠮᠢᠩᠭᠠᠨ ᠠᠳᠤᠭᠤ ᠬᠠᠰᠢᠵᠦ ᠲᠡᠶᠢᠯᠬᠦ ᠠᠭᠤᠵᠢᠮ ᠬᠡᠷᠡᠮ ᠪᠠᠶᠢᠵᠦ᠂ ᠪᠠᠰᠠ ᠪᠠᠷᠠᠭᠤᠨ ᠲᠠᠯ᠎ᠠ  ᠳᠤᠨᠢ ᠬᠠᠳᠠᠨ ᠰᠠᠭᠤᠷᠢ ᠲᠠᠢ ᠮᠤᠨᠳᠠᠭ ᠵᠤᠵᠠᠭᠠᠨ ᠠᠳᠤᠭᠤ ᠲᠤᠭᠠᠯᠠᠬᠤ ᠨᠠᠷᠢᠨ ᠤᠷᠳᠤ ᠬᠤᠭᠤᠯᠠᠢ ᠬᠡᠷᠡᠮ ᠲᠠᠢ ᠪᠠᠶᠢᠪᠠ᠃ ᠡᠨᠡᠬᠦ ᠭᠡᠷᠡᠮ ᠤᠨ ᠲᠠᠯ᠎ᠠ ᠳᠤ ᠵᠢᠵᠢᠭ ᠬᠦᠷᠢᠶ᠎ᠡ ᠲᠠᠢ 7 ᠵᠠᠩ ᠤᠨ ᠰᠢᠪᠡᠷ ᠪᠠᠶᠢᠰᠢᠩ ᠳᠤ ᠮᠤᠩᠭᠤᠯ ᠤᠯᠤᠰ ᠤᠨ ᠠᠯᠪᠠᠨ ᠤ ᠬᠦᠮᠦᠰ ᠰᠠᠭᠤᠯᠭᠠᠵᠦ᠂ ᠵᠡᠭᠦᠨ ᠲᠠᠯ᠎ᠠ ᠶᠢᠨ ᠬᠤᠶᠠᠷ ᠮᠦᠷ ᠪᠠᠶᠢᠰᠢᠩ ᠳᠤ ᠮᠠᠨ ᠤ ᠲᠠᠯ᠎ᠠ ᠶᠢᠨ ᠠᠯᠪᠠᠨ ᠤ ᠬᠦᠮᠦᠰ ᠠᠵᠢᠯᠯᠠᠳᠠᠭ ᠪᠠᠶᠢᠵᠠᠢ᠃ ᠠᠳᠡ ᠠᠴᠠ ᠪᠠᠷᠠᠭᠤᠨ ᠡᠮᠦᠨ᠎ᠡ ᠲᠠᠪᠤᠨ ᠭᠠᠵᠠᠷ ᠤᠨ ᠤᠶᠢᠷᠠᠯᠴᠠᠭ᠎ᠠ ᠪᠠᠰᠠ ᠨᠢᠭᠡᠨ ᠠᠳᠤᠭᠤ ᠬᠠᠰᠢᠬᠤ ᠬᠡᠷᠡᠮ ᠬᠠᠰᠢᠶ᠎ᠠ ᠪᠤᠯᠤᠨ ᠭᠤᠷᠪᠠᠨ ᠵᠠᠩ ᠰᠢᠪᠠᠷ ᠪᠠᠶᠢᠰᠢᠩ ᠪᠠᠶᠢᠭᠰᠠᠨ᠃ ᠡᠭᠦᠨ ᠳᠤ ︽ᠴᠢᠳᠦᠷᠭᠡ ᠡᠪᠡᠳᠴᠢᠨ︾ ᠲᠠᠢ ᠮᠤᠷᠢᠳ ᠢ ᠬᠠᠰᠢᠵᠦ ᠬᠤᠷᠢᠳᠠᠭ ᠶᠠᠪᠤᠳᠠᠯ ᠲᠠᠢ ᠪᠠᠶᠢᠵᠠᠢ᠃ ᠲᠤᠰ ᠡᠪᠡᠳᠴᠢᠨ ᠤ ᠢᠯᠡᠷᠡᠯ ᠭᠡᠪᠡᠯ ᠴᠢᠳᠦᠷᠯᠡᠭᠰᠡᠨ ᠮᠤᠷᠢ ᠰᠢᠭ᠋ ᠬᠦᠯ ᠪᠡᠭᠡᠴᠢᠭᠨᠡᠨ ᠶᠠᠪᠤᠬᠤ ᠳᠠᠭᠠᠨ ᠬᠦᠴᠢᠷᠳᠡᠳᠡᠭ᠂ ᠭᠡᠪᠡᠴᠦ ᠡᠨᠡ ᠨᠢ ᠬᠠᠯᠳᠠᠪᠤᠷᠢᠳᠦ ᠡᠪᠡᠳᠴᠢᠨ ᠪᠢᠰᠢ ᠤᠴᠢᠷ ᠢᠯᠡᠭᠦᠤ ᠤᠰᠤᠯᠠᠵᠦ ᠰᠢᠪᠠᠷ ᠲᠠᠢ ᠭᠤᠪᠢ ᠤᠰᠤᠨ ᠳᠤ ᠢᠯᠡᠭᠦᠤ ᠵᠤᠭᠰᠤᠭᠠᠪᠠᠯ ᠠᠶᠠᠨᠳᠠᠭᠠᠨ ᠡᠳᠡᠭᠡᠷᠡᠴᠢᠳᠡᠭ ᠤᠨᠴᠠᠯᠢᠭ ᠲᠠᠢ ᠶᠤᠮ᠃ ᠡᠶᠢᠮᠦ ᠠᠴᠠ ᠠᠳᠡ ᠬᠠᠰᠢᠵᠦ ᠡᠳᠡᠭᠡᠷᠡᠭᠦᠯᠦᠨ ᠵᠠᠰᠠᠬᠤ ᠠᠵᠢᠯ ᠢ ᠬᠢᠵᠦ ᠪᠠᠶᠢᠵᠠᠢ᠃ ︽ᠠᠳᠤᠭᠤ ᠲᠤᠭᠠᠯᠠᠬᠤ ᠨᠠᠷᠢᠨ ᠭᠡᠷᠡᠮ︾ ᠳᠤ ᠪᠠᠰᠠ ᠠᠳᠤᠭᠤᠨ ᠤ ᠶᠠᠮ᠎ᠠ ᠡᠪᠡᠳᠴᠢᠨ ᠢ ᠪᠠᠶᠢᠴᠠᠭᠠᠵᠦ᠂ ᠨᠢᠳᠦᠨ ᠳᠤᠨᠢ ᠡᠮ ᠲᠠᠯᠪᠢᠵᠦ ᠲᠠᠭᠤᠰᠤᠭᠰᠠᠨ ᠢᠶᠠᠨ ᠨᠦᠬᠦᠭᠡ ᠠᠭᠤᠵᠢᠮ ᠬᠡᠷᠡᠮ ᠳᠡᠭᠡᠨ ᠬᠤᠷᠢᠨ ᠲᠦᠷᠪᠡᠨ ᠴᠠᠭ ᠬᠤᠷᠢᠵᠦ ᠰᠢᠯᠭᠠᠨ ᠪᠠᠶᠢᠴᠠᠭᠠᠳᠠᠭ᠃ ᠬᠡᠷᠪᠡ ᠶᠠᠮ᠎ᠠ ᠲᠠᠢ ᠪᠤᠯ ᠢᠯᠭᠠᠨ ᠭᠠᠷᠭᠠᠵᠦ ᠬᠠᠯᠬ᠎ᠠ ᠶᠢᠨ ᠨᠤᠲᠤᠭ ᠵᠦᠭ ᠬᠦᠬᠡᠬᠡᠵᠦ ᠶᠠᠪᠤᠭᠤᠯᠳᠠᠭ ᠪᠠᠶᠢᠵᠠᠢ᠃ ᠨᠤᠲᠤᠭ ᠢᠶᠠᠨ ᠰᠠᠨᠠᠭᠰᠠᠨ ᠮᠤᠷᠢᠳ ᠬᠦᠮᠦᠨ ᠬᠡᠷᠡᠭᠰᠡᠬᠦ ᠦᠭᠡᠢ ᠬᠠᠷᠢᠴᠢᠬᠠᠳᠠᠭ ᠶᠤᠮ ᠭᠡᠨ᠎ᠡ᠃ ᠢᠩᠭᠢᠵᠦ ᠰᠢᠯᠭᠠᠵᠦ ᠦᠯᠡᠳᠡᠭᠰᠡᠨ ᠡᠷᠡᠭᠦᠯ ᠠᠳᠤᠭᠤ ᠪᠠᠨ ᠲᠠᠬᠢᠨ ᠨᠠᠷᠢᠨ ᠬᠤᠭᠤᠯᠠᠢ ᠳᠤ ᠬᠠᠰᠢᠵᠦ᠂ ︽ᠰᠢᠳᠦ ᠨᠠᠰᠤ︾ ᠶᠢ ᠨᠢ ᠲᠠᠭᠠᠷᠠᠭᠤᠯᠤᠨ ᠲᠤᠭᠠᠯᠠᠵᠦ᠂ ᠲᠤᠰᠬᠤ ᠪᠠᠷ ᠢᠷᠡᠭᠰᠡᠳ ᠲᠤ ᠲᠤᠰᠢᠶᠠᠨ ᠦᠭᠭᠦᠳᠡᠭ ᠪᠠᠶᠢᠨ᠎ᠠ᠃ ᠭᠡᠬᠦ ᠳᠡᠭᠡᠨ ᠬᠦᠯᠢᠶᠡᠨ ᠠᠪᠤᠭᠰᠠᠳ ᠨᠢ ᠢᠮ ᠲᠡᠮᠳᠡᠭ ᠬᠢᠬᠦ ᠪᠤᠶᠤ ᠲᠠᠰᠢᠶᠠᠨ ᠲᠠᠮᠠᠭ᠎ᠠ ᠲᠠᠷᠤᠵᠦ ᠠᠪᠠᠴᠢᠳᠠᠭ ᠪᠠᠶᠢᠵᠠᠢ᠃ ᠠᠳᠤᠭᠤ ᠬᠦᠯᠢᠶᠡᠨ ᠠᠪᠬᠤ ᠦᠷᠳᠡᠭᠡ ᠶᠢᠨ ᠭᠡᠷᠡᠮ ᠬᠠᠰᠢᠶ᠎ᠠ ᠶᠢ ᠪᠠᠰᠠ ︽ᠠᠳᠤᠭᠤᠨ  ᠤ ᠵᠤᠭᠰᠤᠭᠠᠯ︾ ᠭᠡᠳᠡᠭ᠃ ᠮᠤᠩᠭᠤᠯ ᠤᠨ ᠲᠠᠯ᠎ᠠ ᠠᠴᠠ ᠠᠳᠤᠭᠤ ᠨᠢ ᠪᠦᠯᠦᠭ ᠪᠦᠯᠦᠭ ᠢᠶᠠᠷ ᠤᠷᠤᠵᠦ ᠢᠷᠡᠬᠦ ᠲᠤᠯᠠ ᠠᠳᠤᠭᠤᠨ ᠤ ᠵᠤᠭᠰᠤᠭᠠᠯ ᠳᠤ ᠢᠷᠡᠭᠰᠡᠨ ᠠᠳᠤᠭᠤᠳ ᠢ ᠠᠷᠪᠠ ᠬᠤᠨᠤᠭᠤᠯᠬᠤ ᠦᠭᠡᠢ᠂ ᠭᠠᠯᠠᠶᠢᠴᠢᠳ ᠢᠶᠠᠷ ᠬᠦᠭᠡᠭᠡᠯᠭᠡᠵᠦ᠂ ᠴᠤᠷᠵᠢ ᠶᠢᠨ ᠰᠦᠮ᠎ᠡ ᠪᠤᠶᠤ ︽ᠳ᠋ᠦᠩ ᠶᠢᠨ ᠡᠬᠢ︾ ᠭᠡᠮᠡᠬᠦ ᠭᠠᠵᠠᠷ ᠲᠤ ᠪᠡᠯᠴᠢᠭᠡᠷᠯᠡᠵᠦ ᠪᠠᠶᠢᠭᠠᠳ ᠠᠳᠤᠭᠤ ᠲᠤᠰᠬᠤ ᠡᠳᠡᠭᠡᠳ ᠲᠤ ᠲᠤᠰᠢᠶᠠᠳᠠᠭ ᠶᠤᠮ᠃ ᠠᠳᠤᠭᠤ ᠲᠤᠰᠤᠭᠴᠢᠳ ᠢ ᠬᠠᠳᠠᠪᠴᠢ ᠶᠢᠨ ᠦᠷᠳᠡᠭᠡᠨ ᠳᠤ ᠢᠷᠡᠬᠦ ᠶᠢ ᠴᠡᠷᠢᠭ ᠤᠨ ᠲᠠᠯ᠎ᠠ ᠠᠴᠠ ᠵᠦᠪᠰᠢᠶᠡᠷᠡᠳᠡᠭ ᠦᠭᠡᠢ ᠪᠠᠶᠢᠭᠰᠠᠨ ᠶᠤᠮ᠃ ︽ᠠᠳᠤᠭᠤ ᠲᠤᠰᠴᠤ ᠠᠪᠬᠤ ᠦᠷᠳᠡᠭᠡ︾ ᠶᠢᠨ ᠪᠠᠷᠢᠯᠭ᠎ᠠ ᠶᠢᠨ ᠲᠡᠷᠭᠡᠳᠡ ︽ᠮᠢᠩᠭᠠᠨ ᠠᠳᠤᠭᠤ ᠶᠢᠨ ᠬᠤᠳᠳᠤᠭ︾ ᠮᠠᠯᠳᠠᠵᠠᠢ᠃ ᠬᠤᠳᠳᠤᠭ ᠤᠨ ᠤᠨᠴᠠᠯᠢᠭ ᠨᠢ ᠲᠠᠪᠬᠤᠷ ᠠᠮᠠᠰᠠᠷ ᠲᠠᠢ ᠪᠠᠶᠢᠵᠦ᠂ ᠬᠦᠨ ᠪᠦᠭᠡᠳ ᠠᠭᠤᠵᠢᠮ ᠪᠠᠶᠢᠳᠠᠭ᠃ ᠲᠡᠭᠡᠷ᠎ᠡ ᠲᠠᠯ᠎ᠠ ᠶᠢᠨ ᠬᠤᠳᠳᠤᠭ ᠤᠨ ᠠᠮᠠᠰᠠᠷ ᠤᠨ ᠠᠭᠤᠵᠢᠮ ᠨᠢ 5 ᠵᠠᠩ  ᠭᠦᠨ  ᠨᠢ 3 ᠵᠠᠩ ᠪᠤᠢ᠃ ᠲᠤᠤᠷ᠎ᠠ ᠲᠠᠯ᠎ᠠ ᠶᠢᠨ ᠬᠤᠳᠳᠤᠭ ᠤᠨ ᠠᠮᠠᠰᠠᠷ ᠨᠢ ᠪᠠᠭ᠎ᠠ ᠪᠤᠯᠪᠠᠴᠤ ᠪᠠᠰᠠ ᠲᠤᠷᠤᠭᠰᠢ ᠬᠤᠶᠠᠷ ᠵᠠᠩ ᠬᠦᠨ ᠪᠤᠢ᠂ ᠴᠢᠯᠠᠭᠤᠨ ᠬᠠᠰᠢᠶᠠᠷᠭ᠎ᠠ ᠲᠠᠢ ᠪᠠᠶᠢᠪᠠ᠃ ᠲᠡᠭᠡᠷ᠎ᠡ ᠨᠢ ᠬᠦᠮᠦᠨ ᠤ ᠬᠦᠴᠦ ᠪᠠᠷ ᠡᠷᠭᠢᠭᠦᠯᠳᠡᠭ ᠲᠡᠮᠦᠷ ᠬᠤᠭᠤᠯᠠᠢ ᠪᠤᠯᠤᠳ ᠲᠡᠭᠡᠰᠦᠨ ᠲᠠᠳᠠᠭᠤᠷᠢ ᠬᠤᠪᠤᠭᠤ ᠲᠠᠢ ᠮᠠᠰᠢᠨ ᠤᠭᠰᠠᠷᠠᠭᠰᠠᠨ ᠪᠠᠶᠢᠳᠠᠭ ᠢᠶᠠᠷ ᠠᠳᠤᠭᠤ ᠤᠰᠤᠯᠠᠬᠤ ᠳᠤ ᠲᠤᠩ ᠲᠦᠬᠦᠮ ᠪᠠᠶᠢᠭᠰᠠᠨ ᠶᠤᠮ᠃      ᠡᠨᠡᠬᠦ ᠠᠳᠤᠭᠤᠨ ᠤ ᠠᠷᠠᠯᠵᠢᠶ᠎ᠠ ᠶᠢ ᠦᠪᠦᠷ ᠮᠤᠩᠭᠤᠯ ᠤᠨ ︽ᠮᠤᠩᠭᠤᠯ ᠮᠤᠷᠢ ᠡᠵᠡᠩᠨᠡᠬᠦ ᠭᠠᠵᠠᠷ︾ ᠠᠴᠠ ᠰᠠᠶᠢᠰᠢᠩᠭ᠎ᠠ ᠭᠡᠭᠴᠢ ᠬᠦᠮᠦᠨ ᠬᠠᠷᠢᠭᠤᠴᠠᠵᠦ ᠬᠤᠵᠢᠮ ᠨᠢ ᠰᠢᠯᠢ ᠶᠢᠨ ᠭᠤᠤᠯ ᠤᠨ ᠬᠠᠩᠭᠠᠨ ᠪᠤᠷᠤᠯᠠᠭᠤᠯᠬᠤ ᠬᠤᠷᠰᠢᠶᠠᠨ ᠳᠤ ᠨᠠᠶᠢᠳᠠᠵᠦ ᠭᠦᠢᠴᠡᠳᠭᠡᠳᠡᠭ ᠪᠦᠭᠡᠳ ᠲᠡᠷᠡ ᠦᠶ᠎ᠡ ᠳᠤ ᠤᠷᠤᠨ ᠤ ᠮᠤᠷᠢ ᠡᠵᠡᠩᠨᠡᠬᠦ ᠭᠠᠵᠠᠷ ᠨᠢ ᠯᠠᠮᠠ ᠶᠢᠨ ᠬᠦᠷᠢᠶ᠎ᠡ ᠰᠦᠮ᠎ᠡ ᠶᠢᠨ ᠬᠡᠬᠡᠨ ᠤ ᠤᠷᠳᠤᠨ ᠳᠤ ᠰᠠᠭᠤᠵᠦ ᠪᠠᠶᠢᠭᠰᠠᠨ ᠶᠤᠮ᠃ ᠰᠦᠮ᠎ᠡ ᠶᠢᠨ ᠯᠠᠮᠠ ᠨᠠᠷ ᠠᠴᠠ ᠠᠳᠤᠭᠤᠴᠢᠨ ᠲᠠᠳᠠᠵᠦ ᠬᠡᠷᠡᠭᠯᠡᠵᠦ ᠪᠠᠶᠢᠭᠰᠠᠨ ᠪᠠ ᠵᠠᠷᠢᠮ ᠳᠠᠭᠠᠨ ᠮᠠᠯᠴᠢᠳ ᠠᠴᠠ ᠠᠳᠤᠭᠤᠴᠢᠨ ᠬᠦᠯᠦᠰᠦᠯᠠᠵᠦ ᠰᠦᠷᠦᠭ ᠬᠠᠷᠢᠭᠤᠯᠤᠨ ᠮᠠᠨᠠᠭᠤᠯᠵᠦ ᠬᠦᠷᠢᠶ᠎ᠡ ᠰᠦᠮ᠎ᠡ ᠶᠢᠨ ᠬᠠᠪᠢ ᠪᠠᠷ ᠮᠠᠯᠵᠢᠵᠦ ᠪᠠᠶᠢᠯ᠎ᠠ ᠭᠡᠳᠡᠭ᠃ ᠲᠡᠷᠡ ᠦᠶ᠎ᠡ ᠳᠤ ᠤᠷᠤᠨ ᠤ ᠬᠠᠩᠭᠠᠨ ᠪᠤᠷᠤᠯᠠᠭᠤᠯᠬᠤ ᠬᠤᠷᠰᠢᠶ᠎ᠠ ︵ᠲᠢᠩᠬᠢᠮ ᠲᠡᠰ︶ ᠶᠢᠨ ᠮᠤᠩᠭᠤᠯ ᠮᠤᠷᠢ ᠡᠵᠡᠩᠨᠡᠬᠦ ᠭᠠᠵᠠᠷ ᠨᠢ ᠵᠢᠯ ᠪᠦᠷᠢ ᠶᠢᠨ ᠠᠳᠤᠭᠤᠨ ᠤ ᠠᠷᠠᠯᠵᠢᠶ᠎ᠠ ᠡᠬᠢᠯᠡᠬᠦ ᠦᠶ᠎ᠡ ᠳᠤ ᠢᠷᠡᠵᠦ᠂ ᠠᠳᠤᠭᠤᠨ ᠤ ᠠᠵᠢᠯ ᠲᠡᠭᠦᠰᠪᠡᠯ ᠲᠠᠷᠤᠢ ᠬᠦᠬᠡᠬᠤᠳᠠ ᠳᠠᠭᠠᠨ ᠪᠤᠴᠠᠳᠠᠭ ᠪᠠᠶᠢᠪᠠ᠃ ᠲᠤᠬᠠᠢ ᠶᠢᠨ ᠦᠶ᠎ᠡ ᠲᠤᠰ ᠠᠷᠠᠯᠵᠢᠶᠠᠨ ᠤ ᠠᠵᠢᠯᠯᠠᠭ᠎ᠠ  ᠨᠢ ᠵᠢᠯ ᠪᠦᠷᠢ ᠶᠢᠨ 6 — 9 ᠰᠠᠷ᠎ᠠ ᠬᠦᠷᠳᠡᠯ᠎ᠡ ᠶᠠᠪᠤᠭᠳᠠᠵᠦ᠂ ᠤᠯᠤᠰ ᠠᠴᠠ ᠡᠯ᠎ᠡ ᠮᠤᠵᠢ ᠳᠤ ᠬᠤᠪᠢᠶᠠᠷᠢᠯᠠᠨ ᠦᠭᠴᠤ᠂ ᠡᠯ᠎ᠡ ᠮᠤᠵᠢ ᠨᠢ ᠵᠡᠭᠦᠨ ᠦᠵᠦᠮᠦᠴᠢᠨ ᠬᠤᠰᠢᠭᠤᠨ ᠳᠤ ᠪᠦᠬᠦᠢ ᠠᠷᠠᠯᠵᠢᠶᠠᠨ ᠤ ᠭᠠᠵᠠᠷ ᠢᠷᠡᠵᠦ᠂ ᠲᠤᠭᠳᠠᠭᠰᠠᠨ ᠬᠤᠭᠤᠴᠠᠭᠠᠨ ᠳᠤ ᠤᠯᠤᠰ ᠠᠴᠠ ᠬᠤᠪᠢᠶᠠᠭᠰᠠᠨ ᠲᠤᠭ᠎ᠠ ᠶᠤᠰᠤᠭᠠᠷ ᠲᠤᠰᠴᠤ ᠠᠪᠠᠴᠢᠳᠠᠭ ᠪᠠᠶᠢᠨ᠎ᠠ᠂ ᠡᠭᠦᠨ ᠳᠤ ᠬᠢᠷᠢᠨ᠂ ᠬᠠᠷᠠᠮᠦ᠋ᠷᠡᠨ᠂ ᠯᠢᠶᠤᠤᠨᠢᠩ᠂ ᠱᠠᠨᠳᠦ᠋ᠩ᠂ ᠱᠠᠨᠰᠢ᠂ ᠡᠾᠧᠨᠠᠨ᠂ ᠡᠾᠧᠪᠸᠢ᠂ ᠠᠨᠾᠦ᠋ᠢ ᠵᠡᠷᠭᠡ ᠮᠤᠵᠢ ᠤᠷᠤᠨ ᠳᠤ ᠦᠷᠭᠡᠨ ᠢᠶᠠᠷ ᠲᠠᠷᠬᠠᠭᠳᠠᠵᠦ᠂ ᠲᠠᠷᠢᠶᠠᠯᠠᠩ ᠤᠨ ᠬᠦᠭᠵᠢᠯᠳᠡ ᠶᠢᠨ ᠦᠢᠯᠡᠰ ᠲᠤ ᠶᠡᠬᠡᠬᠡᠨ ᠠᠬᠢᠭᠤᠯᠬᠤ ᠦᠢᠯᠡᠳᠦᠯ ᠢ ᠦᠵᠡᠭᠦᠯᠳᠡᠭ ᠪᠠᠶᠢᠪᠠ᠃ ᠭᠡᠪᠡᠴᠦ ᠦᠪᠦᠷ ᠮᠤᠩᠭᠤᠯ ᠳᠤ ᠦᠨᠳᠦᠰᠦᠨ ᠳᠡᠭᠡᠨ ᠮᠤᠩᠭᠤᠯ ᠤᠯᠤᠰ ᠠᠴᠠ ᠤᠷᠤᠵᠦ ᠢᠷᠡᠭᠰᠡᠨ ᠠᠳᠤᠭᠤ ᠶᠢ ᠬᠤᠪᠢᠶᠠᠵᠦ ᠦᠭᠳᠡᠭ ᠦᠭᠡᠢ ᠪᠠᠶᠢᠭᠰᠠᠨ ᠶᠤᠮ᠃ ᠡᠨᠡᠬᠦ ᠠᠳᠤᠭᠤᠨ ᠤ ᠠᠷᠠᠯᠵᠢᠶ᠎ᠠ ᠨᠢ ᠲᠡᠭᠡᠷ᠎ᠡ ᠵᠠᠭᠤᠨ ᠤ ᠲᠠᠪᠢᠭᠠᠳ ᠤᠨ ᠤ ᠡᠬᠢ ᠠᠴᠠ ᠵᠢᠷᠠᠭᠠᠳ ᠤᠨ ᠤ ᠡᠬᠢ ᠪᠤᠯᠳᠠᠯ᠎ᠠ ᠠᠷᠪᠠᠭᠠᠳ ᠵᠢᠯ ᠦᠷᠭᠦᠯᠵᠢᠯᠡᠵᠡᠢ᠃      ᠬᠠᠳᠠᠪᠴᠢ ᠶᠢᠨ ᠬᠠᠷ᠎ᠠ ᠠᠳᠤᠭᠤᠨ ᠤ ᠤᠷᠤᠭᠤᠯᠵᠦ ᠭᠠᠷᠭᠠᠬᠤ ᠳᠤ ᠲᠤᠬᠢᠶᠠᠯᠳᠤᠭᠰᠠᠨ ᠲᠤᠷᠠᠰᠤᠮᠵᠢ —— ᠮᠤᠩᠭᠤᠯ ᠠᠴᠠ ᠵᠢᠯ ᠪᠦᠷᠢ ᠤᠷᠤᠭᠤᠯᠬᠤ ᠠᠳᠤᠭᠤᠳ ᠤᠨ ᠲᠤᠭ᠎ᠠ ᠬᠡᠳᠦᠨ ᠮᠢᠩᠭ᠎ᠠ ᠳᠤ ᠬᠦᠷᠴᠤ᠂ ᠡᠭᠦᠨ ᠳᠤ ᠬᠤᠷᠳᠤᠨ ᠭᠦᠶᠦᠳᠡᠭ ᠰᠤᠷᠮᠠᠭᠠᠢ ᠮᠤᠷᠢᠳ ᠴᠤ ᠪᠢᠰᠢᠭᠦᠢ ᠪᠠᠶᠢᠯ᠎ᠠ᠃ ᠨᠢᠭᠡᠨ ᠤᠳᠠᠭ᠎ᠠ᠂ ᠮᠤᠩᠭᠤᠯ ᠤᠨ ᠲᠠᠯ᠎ᠠ ᠠᠴᠠ ᠲᠤᠮᠳᠠᠳᠤ ᠶᠢᠨ ᠵᠠᠰᠠᠭ ᠤᠨ ᠭᠠᠵᠠᠷ ᠲᠤ ᠨᠢᠭᠡ ᠵᠦᠢᠯ ᠤᠨ ᠤᠨᠴᠤᠭᠤᠢ ᠰᠠᠶᠢᠨ ᠡᠭᠦᠯᠳᠡᠷ ᠤᠨ ᠠᠵᠢᠷᠭ᠎ᠠ ᠪᠠᠨ ᠠᠨᠳᠠᠭᠤᠷᠠᠨ ᠬᠠᠷ᠎ᠠ ᠠᠳᠤᠭᠤᠳ ᠤᠨ ᠬᠠᠮᠳᠤ ᠬᠦᠭᠡᠯᠭᠡᠭᠰᠡᠨ ᠤᠴᠢᠷ ᠢᠶᠠᠨ ᠮᠡᠳᠡᠭᠳᠡᠭᠰᠡᠨ ᠳᠤ ᠪᠤᠴᠠᠭᠠᠨ ᠠᠪᠬᠤ ᠶᠢ ᠨᠢ ᠵᠦᠪᠰᠢᠶᠡᠷᠡᠭᠰᠡᠨ ᠠᠴᠠ ᠮᠤᠩᠭᠤᠯ ᠠᠳᠤᠭᠤ ᠡᠵᠡᠩᠨᠡᠬᠦ ᠭᠠᠵᠠᠷ ᠮᠡᠳᠡᠭᠳᠡᠵᠠᠢ᠃ ᠮᠤᠩᠭᠤᠯ  ᠠᠴᠠ ᠬᠤᠶᠠᠷ ᠬᠦᠮᠦᠨ ᠢᠷᠡᠵᠦ ᠤᠯᠠᠨ ᠠᠳᠤᠭᠤᠨ ᠲᠤᠮᠳᠠ ᠠᠴᠠ ᠡᠷᠢᠭᠰᠡᠭᠡᠷ ᠪᠠᠶᠢᠵᠦ᠂ ᠰᠡᠭᠦᠯ ᠳᠤᠨᠢ ᠲᠠᠩᠽᠠᠨ ᠤ ᠬᠠᠷᠢᠭᠤᠯᠵᠦ ᠪᠠᠶᠢᠭᠰᠠᠨ ᠠᠳᠤᠭᠤᠨ ᠠᠴᠠ ᠤᠯᠵᠦ ᠠᠪᠴᠠᠢ᠃ ᠢᠩᠬᠢᠭᠡᠳ ᠤᠯᠤᠰ ᠠᠴᠠ ᠲᠤᠰ ᠠᠵᠢᠷᠭ᠎ᠠ ᠶᠢ ᠭᠠᠷᠠᠭᠠᠬᠤ ᠳᠠᠭᠠᠨ ᠡᠷᠢᠶᠠᠨ ᠤ ᠪᠤᠭᠤᠮᠳᠠ ᠪᠠᠷ ᠲᠤᠰᠴᠤ ᠠᠪᠬᠤ ᠪᠠᠷ ᠪᠤᠯᠵᠤᠭᠰᠠᠨ ᠲᠤᠯᠠ᠂ ᠠᠪᠠᠭ᠎ᠠ ᠶᠢᠨ ᠬᠠᠩᠭᠠᠨ ᠪᠤᠷᠤᠯᠠᠭᠤᠯᠬᠤ ᠬᠤᠷᠰᠢᠶᠠᠨ ᠤ ᠱᠢᠷᠤᠪ ᠭᠡᠭᠴᠢ ᠬᠦᠮᠦᠨ ᠨᠢᠭᠡ ᠠᠳᠤᠭᠤᠴᠢᠨ ᠲᠠᠢ ᠬᠤᠶᠠᠭᠤᠯᠠ ᠡᠨᠡᠬᠦ ᠬᠦᠷᠡᠩ ᠠᠵᠢᠷᠭ᠎ᠠ ᠶᠢ ᠭᠦᠳᠦᠯᠵᠦ ᠶᠠᠪᠤᠭᠠᠳ ᠡᠷᠢᠶᠡᠨ ᠤ ᠪᠤᠭᠤᠮᠳᠠ ᠳᠤ ᠬᠦᠷᠴᠤ ᠲᠤᠰᠢᠶᠠᠵᠦ ᠦᠭᠭᠦᠯ᠎ᠡ ᠭᠡᠳᠡᠭ᠃      ⒈ ᠭᠦᠶᠦᠳᠡᠭ ᠬᠦᠷᠡᠩ ᠠᠵᠢᠷᠭ᠎ᠠ ᠶᠢ ᠲᠤᠷᠰᠢᠭᠰᠠᠨ—— ᠬᠠᠷ᠎ᠠ ᠬᠦᠷᠡᠩ ᠦᠩᠭᠡ ᠶᠢᠨ ᠵᠢᠰᠦᠮ ᠲᠠᠢ ᠡᠨᠡ ᠠᠵᠢᠷᠭ᠎ᠠ ᠨᠢ ᠲᠤᠮᠳᠠ ᠶᠢᠨ ᠪᠡᠶ᠎ᠡ ᠲᠠᠢ᠂ ᠰᠤᠶᠤᠭᠠᠯᠠᠩ ᠠᠵᠢᠷᠭ᠎ᠠ ᠪᠠᠶᠢᠭᠰᠠ ᠪᠦᠭᠡᠳ ᠨᠠᠷᠢᠨ ᠠᠵᠢᠭᠯᠠᠪᠠᠯ ᠲᠦᠷᠪᠡᠨ ᠡᠪᠡᠷ ᠲᠤᠭᠤᠷᠠᠢ ᠨᠢ ᠪᠤᠰᠤᠳ ᠮᠤᠷᠢᠳ ᠠᠴᠠ ᠤᠷᠳᠤ ᠮᠦᠷᠳᠡᠭᠡᠨ ᠴᠡᠪᠡᠷ ᠴᠤᠮᠪᠤᠭᠤᠷ ᠪᠠᠶᠢᠵᠦ᠂ ᠲᠦᠷᠪᠡᠨ ᠰᠠᠭᠯᠠᠭ᠎ᠠ ᠶᠢᠨ ᠦᠰᠦ ᠨᠢ ᠦᠳᠭᠡᠨ ᠮᠦᠷᠳᠡᠭᠡᠨ ᠤᠷᠳᠤ ᠪᠠᠶᠢᠵᠠᠢ᠃ ᠢᠩᠬᠢᠭᠡᠳ ᠮᠠᠨᠠᠶᠢᠬᠢᠨ ᠤ ᠠᠳᠤᠭᠤᠴᠢᠳ ᠠᠶᠢᠬᠤᠪᠳᠤᠷ ᠭᠦᠶᠦᠳᠡᠭ ᠠᠵᠢᠷᠭ᠎ᠠ ᠭᠡᠬᠦ ᠶᠢ ᠰᠤᠨᠤᠰᠤᠭᠠᠳ ᠶᠡᠬᠡᠯ᠎ᠡ ᠭᠠᠶᠢᠬᠠᠯᠳᠤᠵᠦ᠂ ᠬᠠᠮᠤᠭ ᠬᠤᠷᠳᠤᠨ ᠭᠦᠶᠦᠳᠡᠭ ᠮᠤᠷᠢᠳ ᠢᠶᠠᠨ ᠪᠠᠷᠢᠴᠠᠭᠠᠵᠦ᠂ ᠬᠦᠷᠡᠩ ᠠᠵᠢᠷᠭ᠎ᠠ ᠲᠠᠢ ᠤᠷᠤᠯᠳᠤᠵᠦ ᠦᠵᠡᠬᠦ ᠪᠠᠷ ᠲᠤᠬᠢᠷᠠᠯᠴᠠᠵᠠᠢ᠃ ᠠᠷᠤ ᠶᠢᠨ ᠬᠠᠰᠢᠶᠠᠳᠤ ᠶᠢᠨ ᠬᠤᠳᠳᠤᠭ ᠠᠴᠠ ᠪᠠᠶ᠋ᠬᠠᠷᠬᠡᠳᠦ ᠤᠪᠤᠭ᠎ᠠ ᠶᠢᠨ ᠵᠡᠭᠦᠨ ᠤᠷᠤᠢ ᠶᠢᠨ ᠠᠷᠤ ᠪᠠᠷ ᠵᠡᠭᠦᠨᠰᠢ ᠡᠷᠭᠢᠵᠦ᠂ ᠬᠦᠷᠢᠶ᠎ᠡ ᠰᠦᠮ᠎ᠡ ᠠᠴᠠ ᠵᠡᠭᠦᠨᠰᠢ ᠪᠠᠶᠢᠭᠰᠠᠨ ᠮᠤᠩᠭᠤᠯ ᠮᠤᠷᠢᠨ ᠤ ᠬᠦᠷᠢᠶ᠎ᠡ ᠬᠦᠷᠳᠡᠯ᠎ᠡ ᠤᠷᠤᠯᠳᠤᠵᠦ ᠦᠵᠡᠬᠦ ᠪᠠᠷ ᠭᠠᠵᠠᠷ ᠤᠨ ᠵᠠᠢ ᠪᠠᠨ ᠴᠤ ᠨᠠᠷᠢᠨ ᠬᠡᠯᠡᠯᠴᠡᠨ ᠲᠤᠭᠳᠠᠪᠠ᠃ ᠮᠤᠩᠭᠤᠯ ᠤᠨ ᠬᠦᠷᠡᠩ ᠠᠵᠢᠷᠭ᠎ᠠ ᠶᠢ ᠮᠤᠤᠠᠠᠮᠢᠳᠠᠨ ᠭᠡᠳᠡᠭ ᠯᠠᠮᠠ ᠤᠨᠤᠵᠦ᠂ ᠤᠷᠤᠯᠳᠤᠭᠠᠨ ᠡᠬᠢᠯᠡᠵᠦ ᠬᠦᠳᠡᠯᠵᠦ ᠭᠠᠷᠤᠮᠠᠭᠴᠠ ᠭᠡᠳᠦ ᠲᠠᠪᠬᠢᠯᠳᠠ ᠶᠢᠨ ᠬᠤᠷᠳᠤᠴᠠ ᠠᠴᠠ ᠪᠤᠯᠵᠦ ᠮᠠᠯᠠᠭᠠᠢ ᠨᠢ ᠤᠨᠠᠭᠰᠠᠨ ᠪᠠᠶᠢᠵᠠᠢ᠂ ᠭᠦᠶᠦᠳᠡᠯ ᠨᠢ ᠲᠦᠭᠦᠷᠨᠬᠦ  ᠳᠤ ᠤᠨᠤᠭᠰᠠᠨ ᠬᠦᠮᠦᠨ ᠤ ᠬᠤᠶᠠᠷ ᠴᠢᠬᠢᠨ ᠳᠤ ᠰᠠᠯᠬᠢ ᠱᠤᠤᠬᠢᠬᠤ ᠴᠢᠮᠡᠭᠡ ᠰᠤᠨᠤᠰᠳᠠᠵᠦ᠂ ᠬᠤᠶᠠᠷ ᠨᠢᠳᠦᠨ ᠳᠤᠨᠢ ᠬᠦᠬᠡᠮᠳᠦᠭ ᠤᠨᠢᠶᠠᠷ ᠦᠵᠡᠭᠳᠡᠨ᠂ ᠦᠨᠳᠦᠷ ᠠᠭᠠᠷ ᠲᠤ ᠭᠦᠪᠪᠦᠵᠦ ᠡᠭᠦᠯᠡ ᠬᠦᠯᠦᠭᠯᠡᠵᠦ ᠪᠠᠶᠢᠬᠤ ᠰᠢᠭ᠋ ᠪᠤᠳᠤᠭᠳᠠᠵᠠᠢ᠃ ᠬᠡᠳᠦᠢ ᠰᠤᠨᠢᠨ ᠰᠠᠨᠠᠭᠳᠠᠭᠰᠠᠨ ᠴᠤ ᠮᠤᠤᠠᠠᠮᠢᠳᠠᠨ ᠭᠤᠸᠠᠢ ᠵᠢᠯᠤᠭᠤ ᠪᠠᠨ ᠴᠢᠩᠭ᠎ᠠ ᠠᠳᠬᠤᠵᠦ ᠮᠤᠷᠢᠨ ᠤ ᠬᠤᠷᠳᠤᠴᠠ ᠶᠢ ᠪᠠᠭᠤᠷᠠᠭᠤᠯᠤᠭᠰᠠᠨ ᠦᠭᠡᠢ ᠪᠠᠷ ᠤᠴᠢᠬᠤ ᠭᠠᠵᠠᠷ ᠤᠨ ᠢᠶᠠᠨ ᠵᠦᠭ ᠲᠤ ᠴᠢᠨᠡᠭᠡ ᠪᠠᠷ ᠨᠢ ᠲᠠᠪᠬᠢᠭᠰᠠᠨ ᠭᠡᠨ᠎ᠡ᠂ ᠤᠳᠠᠯ ᠦᠭᠡᠢ ᠠᠳᠤᠭᠤ ᠬᠠᠰᠢᠳᠠᠭ ᠲᠦᠷᠪᠡᠯᠵᠢᠨ ᠬᠦᠷᠢᠶ᠎ᠡ ᠶᠢᠨ ᠠᠷᠤ ᠢᠷᠡᠭᠡᠳ ᠮᠤᠷᠢᠨ ᠵᠢᠯᠤᠭᠤ ᠪᠠᠨ ᠳᠠᠳᠠᠵᠦ ᠠᠯᠬᠤᠭᠤᠯᠤᠭᠠᠳ ᠪᠤᠴᠠᠵᠦ ᠬᠠᠷᠠᠬᠤ ᠳᠤ ᠬᠠᠮᠳᠤ ᠤᠷᠤᠯᠳᠤᠭᠰᠠᠨ ᠪᠤᠰᠤᠳ ᠮᠤᠷᠢᠳ ᠨᠢ ᠶᠠᠭ ᠬᠠᠭᠠᠰ ᠵᠠᠮ ᠬᠤᠴᠤᠷᠤᠭᠰᠠᠨ ᠪᠠᠶᠢᠪᠠ᠃ ᠴᠢᠩᠭᠢᠭᠡᠳ ᠡᠨᠡ ᠠᠵᠢᠷᠭ᠎ᠠ ᠶᠢᠨ ᠶᠡᠷᠦ ᠪᠤᠰᠤ ᠶᠢᠨ ᠬᠤᠷᠳᠤᠨ ᠭᠦᠶᠦᠳᠡᠭ ᠪᠦᠭᠡᠳ ᠡᠩ ᠤᠨ ᠮᠤᠷᠢᠨ ᠤ ᠭᠦᠶᠦᠳᠡᠯ ᠤᠨ ᠬᠤᠷᠳᠤᠴᠠ ᠶᠢᠨ ᠬᠠᠭᠠᠰ ᠳᠠᠬᠢᠨ ᠤ ᠲᠠᠪᠬᠢᠯᠳᠠ ᠲᠠᠢ ᠭᠡᠳᠡᠭ ᠢ ᠮᠡᠳᠡᠵᠦ ᠪᠢᠰᠢᠷᠡᠭᠰᠡᠨ ᠭᠡᠳᠡᠭ᠃      ⒉ ᠬᠦᠮᠦᠨ ᠬᠠᠵᠠᠳᠠᠭ ᠮᠤᠷᠢ ᠶᠢ ᠬᠢᠮᠳᠠ ᠪᠠᠷ ᠬᠤᠳᠠᠯᠳᠤᠭᠰᠠᠨ—— ᠭᠠᠳᠠᠷ ᠮᠤᠵᠢ ᠳᠤ ᠭᠠᠷᠠᠭᠠᠬᠤ ᠬᠠᠷ᠎ᠠ ᠠᠳᠤᠭᠤᠳ ᠲᠠᠭᠤᠰᠤᠭᠰᠠᠨ ᠲᠠᠷᠠᠭ᠎ᠠ ᠨᠢᠭᠡ ᠪᠦᠯᠦᠭ ᠠᠳᠤᠭᠤᠳ ᠦᠯᠡᠳᠡᠵᠦ᠂ ᠵᠡᠭᠦᠨ ᠬᠤᠯᠪᠤᠭᠠᠳᠤ ᠬᠤᠰᠢᠭᠤᠨ ᠤ ᠲᠤᠳᠤᠷ᠎ᠠ ᠰᠡᠢᠳᠪᠦᠷᠢᠯᠡᠨ᠂ ᠬᠤᠳᠠᠯᠳᠤᠨ ᠲᠠᠷᠬᠠᠭᠠᠬᠤ ᠪᠠᠷ ᠪᠤᠯᠵᠠᠢ᠃ ᠡᠨᠡ ᠦᠶ᠎ᠡ᠂ ᠠᠳᠤᠭᠤᠨ ᠤ ᠬᠤᠷᠤᠬᠠᠶᠢᠳᠠᠳ ᠯᠤᠪᠰᠠᠩ᠂ ᠰᠠᠩᠵᠠᠢ ᠵᠡᠷᠭᠡ ᠮᠠᠰᠢ ᠤᠯᠠᠨ ᠵᠠᠯᠠᠭᠤᠴᠤᠳ ᠠᠳᠤᠭᠤᠨ ᠳᠠᠭᠠᠨ ᠭᠦᠶᠦᠳᠡᠭ ᠠᠵᠢᠷᠭ᠎ᠠ ᠤᠯᠵᠦ ᠳᠠᠯᠪᠢᠬᠤ᠂ ᠰᠠᠶᠢᠬᠠᠨ ᠶᠠᠩᠵᠦ ᠲᠠᠢ ᠬᠠᠯᠬ᠎ᠠ ᠭᠦᠶᠦᠳᠡᠭ ᠮᠤᠷᠢ ᠤᠯᠵᠦ ᠤᠨᠤᠬᠤ ᠭᠡᠰᠡᠨ ᠭᠤᠷᠢᠳᠠᠯᠭ᠎ᠠ ᠪᠠᠷ ᠢᠷᠡᠵᠦ ᠴᠤᠭᠯᠠᠷᠠᠵᠠᠢ᠃ ᠢᠩᠬᠢᠭᠡᠳ ᠤᠯᠠᠨ ᠠᠳᠤᠭᠤᠨ ᠲᠤᠲᠤᠷ᠎ᠠ ᠠᠴᠠ ᠨᠢᠭᠡᠨ ᠲᠡᠯ ᠰᠡᠭᠦᠯ ᠲᠡᠭᠰᠢᠬᠡᠨ ᠮᠦᠷᠳᠡᠭᠡᠨ ᠲᠦᠷᠪᠡᠯᠵᠢᠨ ᠲᠠᠰᠢᠶ᠎ᠠ ᠲᠠᠢ ᠭᠡᠬᠡᠷ ᠮᠤᠷᠢ ᠶᠢ ᠦᠵᠡᠵᠦ ᠲᠤᠭᠤᠭᠠᠳ ᠤᠷᠭᠠᠯᠠᠬᠤ ᠪᠠᠷ ᠬᠦᠭᠡᠭᠡᠵᠦ ᠭᠠᠷᠴᠠᠢ᠃ ᠡᠨᠡ ᠮᠤᠷᠢ ᠡᠬᠢᠯᠡᠭᠡᠳ ᠠᠶᠢᠬᠤᠪᠳᠤᠷ ᠤᠷᠤᠭᠠᠯᠠᠨ ᠲᠤᠳᠠᠭᠠᠵᠦ ᠪᠠᠶᠢᠭᠰᠠᠨ ᠢᠶᠠᠨ ᠬᠦᠭᠡᠭᠡᠵᠦ ᠭᠦᠢᠴᠡᠬᠦ ᠲᠠᠢ ᠵᠡᠷᠭᠡ ᠲᠤᠳᠠᠭᠠᠬᠤ ᠪᠠᠨ ᠪᠤᠯᠢᠵᠦ᠂ ᠬᠠᠷᠢᠨ ᠪᠤᠴᠠᠨ ᠬᠠᠨᠳᠤᠭᠰᠠᠨ ᠢᠶᠠᠨ ᠤᠷᠭᠠᠯᠠᠬᠤ ᠭᠡᠵᠦ ᠪᠠᠶᠢᠭ᠎ᠠ ᠬᠦᠮᠦᠨ ᠮᠤᠷᠢ ᠶᠢ ᠢᠷᠡᠵᠦ ᠬᠠᠵᠠᠭᠰᠠᠨ ᠪᠠᠶᠢᠨ᠎ᠠ᠃ ᠡᠭᠦᠨ ᠳᠤ ᠤᠯᠠᠨ ᠢᠶᠠᠷ ᠢᠶᠠᠨ ᠶᠡᠭᠡ ᠭᠠᠶᠢᠬᠠᠨ ᠰᠤᠨᠢᠷᠬᠠᠨ᠎ᠠ᠃ ᠠᠳᠤᠭᠤ ᠶᠢ ᠬᠠᠮᠢᠶᠠᠷᠴᠤ ᠪᠠᠶᠢᠭᠰᠠᠨ ᠰᠡᠷᠡᠩᠳᠤᠸ᠎ᠠ ᠤᠯᠵᠦ ᠦᠵᠡᠭᠡᠳ᠄ ︽ᠡᠨᠡ ᠮᠤᠷᠢ ᠪᠤᠯ ᠨᠢᠭᠡᠳᠦᠭᠡᠷ ᠳᠡᠰ ᠤᠨ ᠮᠤᠷᠢ ᠶᠤᠮ᠂ ᠪᠠᠷᠢᠵᠦ ᠠᠪᠴᠤ ᠴᠢᠳᠠᠪᠠᠯ ᠭᠤᠷᠪᠠᠳᠤᠭᠠᠷ ᠳᠡᠰ ᠤᠨ ᠦᠨ᠎ᠡ ᠪᠠᠷ ᠲᠠᠨᠠᠷ ᠲᠤ ᠦᠭᠭᠦᠶ᠎ᠡ︾ ᠭᠡᠬᠦ ᠳᠤ ᠵᠠᠯᠠᠭᠤᠴᠤᠳ ᠳᠠᠬᠢᠨ ᠤᠷᠭᠠᠯᠠᠬᠤ ᠪᠠᠷ ᠬᠦᠷᠬᠦ ᠳᠤ ᠦᠨᠦ ᠮᠤᠷᠢ ᠮᠦᠨ ᠤᠤᠯ ᠮᠠᠶ᠋ᠢᠭ ᠢᠶᠠᠷ ᠠᠭᠠᠰᠢᠯᠠᠵᠦ ᠢᠷᠡᠭᠰᠡᠨ ᠳᠤ᠂ ᠳᠡᠳᠡ ᠬᠦᠴᠦᠨ ᠢᠶᠠᠨ ᠬᠠᠮᠵᠢᠯᠴᠠᠨ᠂ ᠬᠦᠮᠦᠨ ᠬᠠᠵᠠᠳᠠᠭ ᠮᠤᠷᠢ ᠶᠢ ᠪᠠᠷᠢᠵᠦ ᠠᠪᠤᠭᠠᠳ ᠲᠤᠤᠷ᠎ᠠ ᠦᠨ᠎ᠡ ᠬᠠᠩᠰᠢ ᠪᠠᠷ ᠠᠪᠴᠤ ᠶᠠᠪᠤᠭᠰᠠᠨ ᠪᠠᠶᠢᠵᠠᠢ᠃      ⒊ ᠲᠠᠭᠤᠳᠤ ᠶᠢᠨ ᠪᠦᠳᠦᠭᠦᠨ ᠢᠰᠢᠭᠡ ᠵᠠᠭᠤ ᠭᠠᠷᠤᠢ ᠲᠤᠯᠤᠭᠠᠢ ᠬᠠᠷ᠎ᠠ ᠠᠳᠤᠭᠤ ᠬᠤᠳᠠᠯᠳᠤᠨ ᠠᠪᠤᠭᠰᠠᠨ—— ᠤᠷᠤᠨ ᠤ ᠬᠠᠯᠬ᠎ᠠ ᠠᠳᠤᠭᠤ ᠬᠤᠳᠠᠯᠳᠤᠬᠤ ᠭᠠᠵᠠᠷ ᠨᠢ ᠭᠤᠷᠤᠬᠠᠨ ᠬᠠᠨ ᠠᠭᠤᠯᠠ ᠶᠢᠨ ᠡᠩᠭᠡᠷ ᠢᠶᠠᠷ ᠪᠠᠶᠢᠭᠰᠠᠨ ᠢᠶᠠᠨ ᠬᠠᠭᠠᠯᠭ᠎ᠠ ᠰᠦᠮ᠎ᠡ ᠶᠢᠨ ᠡᠮᠦᠨ᠎ᠡ ᠷᠠᠰᠢᠶᠠᠨ ᠪᠤᠯᠠᠭ ᠤᠨ ᠠᠷᠤ ᠪᠠᠷ ᠬᠦᠷᠴᠤ ᠠᠳᠤᠭᠤ ᠬᠤᠳᠠᠯᠳᠤᠬᠤ ᠠᠵᠢᠯ ᠢᠶᠠᠨ ᠦᠷᠭᠦᠯᠵᠢᠯᠡᠭᠦᠯᠦᠭᠰᠡᠨ ᠪᠠᠶᠢᠨ᠎ᠠ᠃ ᠮᠤᠩᠭᠤᠯ ᠤᠯᠤᠰ ᠤᠨ ᠠᠳᠤᠭᠤ ᠭᠡᠵᠦ ᠰᠤᠨᠤᠰᠤᠭᠠᠳ᠂ ᠦᠵᠡᠵᠦ ᠰᠤᠨᠢᠷᠬᠠᠬᠤ ᠬᠦᠮᠦᠨ ᠤᠯᠠᠨ ᠢᠷᠡᠭᠰᠡᠨ᠂ ᠪᠦᠳᠦᠭᠦᠨ ᠢᠰᠢᠭᠡ᠂ ᠦᠭᠡᠬᠦ ᠪᠤᠶᠠᠨᠳᠤ ᠵᠡᠷᠭᠡ ᠪᠠᠶᠠᠨ ᠴᠢᠨᠡᠭᠡᠯᠢᠭ ᠬᠦᠮᠦᠰ ᠴᠤ ᠦᠵᠡᠵᠦ ᠰᠤᠨᠢᠷᠬᠠᠬᠤ ᠶᠢᠨ ᠲᠠᠭᠠᠤ ᠳᠤ ᠡᠨᠡ ᠲᠡᠷᠡ ᠶᠢ ᠠᠰᠠᠭᠤᠵᠦ᠂ ᠬᠦᠷ ᠬᠦᠭᠵᠢᠶᠡᠨ ᠲᠠᠢ ᠪᠠᠶᠢᠯ᠎ᠠ᠃ ᠪᠦᠳᠦᠭᠦᠨ ᠢᠰᠢᠭᠡ ᠪᠤᠯ ᠦᠵᠦᠮᠦᠴᠢᠨ ᠪᠠᠷᠠᠭᠤᠨ ᠬᠤᠰᠢᠭᠤᠨ ᠳᠠᠭᠠᠨ ᠪᠠᠶᠠᠨ ᠬᠦᠮᠦᠨ ᠂ ᠬᠦᠮᠦᠰ ︽ᠪᠠᠶᠠᠨ ᠢᠰᠢᠭᠡ︾ ᠴᠤ ᠭᠡᠳᠡᠭ᠃ ᠮᠠᠯ ᠰᠦᠷᠦᠭ ᠤᠨ ᠲᠤᠭ᠎ᠠ ᠨᠢ ᠲᠦᠮᠡ ᠶᠢ ᠭᠡᠳᠦᠷᠡᠭᠰᠡᠨ ᠠᠶᠢᠯ ᠪᠠᠶᠢᠵᠦ ᠪᠢᠯᠡ᠃ ᠢᠰᠢᠭᠡ ᠪᠤᠯ ︽ᠪᠤᠮᠠᠨ ᠮᠠᠯ ᠲᠠᠢ ᠪᠤᠯᠪᠠᠴᠤ ᠠᠰᠢᠭ ᠠᠴᠠ ᠤᠶᠢᠳᠬᠤ ᠦᠭᠡᠢ᠂ ᠪᠤᠰᠴᠤ ᠴᠢᠳᠠᠬᠤ ᠦᠭᠡᠢ ᠲᠠᠷᠭᠤᠨ ᠴᠤ ᠢᠳᠡᠬᠦ ᠠᠴᠠ ᠤᠶᠢᠳᠬᠤ ᠦᠭᠡᠢ︾ ᠭᠡᠳᠡᠭᠴᠢᠯᠡᠨ ᠮᠠᠯ ᠠᠷᠪᠢᠨ ᠪᠤᠯᠪᠠᠴᠤ ᠮᠠᠶᠢᠮᠠᠢ ᠭᠤᠭᠤᠴᠢᠯᠠᠬᠤ ᠳᠤ ᠬᠠᠷᠢᠨ ᠠᠶᠢᠬᠤᠪᠳᠤᠷ ᠬᠦᠮᠦᠨ ᠪᠠᠶᠢᠵᠦ᠂ ᠲᠠᠸᠠᠷ ᠤᠨ ᠦᠢᠯᠡᠳᠪᠦᠷᠢᠯᠡᠯ ᠤᠨ ᠲᠤᠬᠠᠢ ᠦᠨᠳᠦᠷ ᠮᠡᠳᠡᠯᠭᠡ ᠦᠭᠡᠢ ᠴᠤ ᠲᠠᠭᠠᠷᠠᠪᠠᠯ ᠵᠦᠭᠡᠷ ᠳᠠᠯᠪᠢᠳᠠᠭ ᠦᠭᠡᠢ ᠬᠦᠮᠦᠨ ᠪᠠᠶᠢᠵᠠᠢ᠃ ᠬᠡᠳᠦᠨ ᠡᠳᠦᠷ ᠲᠤᠭᠤᠷᠢᠭᠰᠠᠨ ᠢᠰᠢᠭᠡ ᠭᠤᠸᠠᠢ᠂ ᠰᠡᠷᠡᠩᠳᠤᠸ᠎ᠠ ᠠᠴᠠ᠄ ︽ᠲᠠᠨ ᠤ ᠡᠨᠡ ᠠᠳᠤᠭᠤ ᠶᠢ ᠴᠦᠭᠡᠨ ᠲᠤᠭ᠎ᠠ ᠪᠠᠷ ᠠᠪᠬᠤ ᠨᠢ ᠠᠷᠪᠢᠨ ᠪᠠᠶᠢᠨ᠎ᠠ᠂ ᠤᠯᠠᠨ ᠲᠤᠭ᠎ᠠ ᠪᠠᠷ ᠠᠪᠴᠤ ᠪᠤᠯᠳᠠᠭ ᠪᠤᠯᠪᠠᠤ︖︾ ᠭᠡᠵᠦ ᠠᠰᠠᠭᠤᠭᠰᠠᠨ ᠳᠤ᠄ ︽ᠵᠠᠭᠤ ᠪᠠᠷ ᠪᠤᠤ ᠬᠡᠯᠡ ᠪᠦᠭᠦᠳᠡ ᠶᠢ ᠬᠤᠳᠠᠯᠳᠤᠨ ᠠᠪᠤᠭᠰᠠᠨ ᠴᠤ ᠦᠭᠭᠦᠨ᠎ᠡ ᠰᠢᠤ᠂ ᠬᠡᠷᠪᠡ ᠲᠠᠨ ᠤ ᠠᠪᠬᠤ ᠲᠤᠭ᠎ᠠ ᠴᠢᠨᠢ ᠤᠯᠠᠨ ᠪᠤᠯᠤᠭᠠᠳ ᠬᠦᠮᠦᠨ ᠬᠦᠴᠦᠨ ᠴᠢᠨᠢ ᠬᠦᠷᠦᠯᠴᠡᠬᠦ ᠦᠭᠡᠢ ᠪᠤᠯ ᠠᠳᠤᠭᠤᠴᠢᠨ ᠭᠠᠷᠭᠠᠵᠦ ᠭᠡᠷ ᠲᠤ ᠴᠢᠨᠢ ᠬᠦᠷᠭᠡᠭᠦᠯᠵᠦ ᠦᠭᠭᠦᠶ᠎ᠡ᠂ ᠬᠠᠩᠰᠢ ᠭᠡᠪᠡᠯ ᠮᠤᠷᠢ ᠪᠦᠷᠢ ᠤᠯᠤᠰ ᠠᠴᠠ ᠲᠤᠭᠳᠠᠭᠰᠠᠨ ᠬᠠᠩᠰᠢ ᠲᠠᠢ︾ ᠭᠡᠵᠦ ᠰᠡᠷᠡᠩᠳᠤᠸ᠎ᠠ ᠬᠠᠷᠢᠭᠤᠯᠵᠠᠢ᠃ ᠲᠡᠭᠡᠭᠡᠳ ᠢᠰᠢᠭᠡ ᠪᠠᠶᠠᠨ ᠵᠠᠭᠤ ᠭᠠᠷᠤᠢ ᠬᠠᠷ᠎ᠠ ᠠᠳᠤᠭᠤ ᠶᠢ ᠰᠢᠯᠢᠨ ᠰᠤᠩᠭᠤᠵᠦ ᠢᠯᠭᠠᠨ ᠬᠦᠭᠡᠯᠭᠡᠯ᠎ᠡ ᠭᠡᠳᠡᠭ᠃      ᠦᠵᠦᠮᠦᠴᠢᠨ ᠳᠤ ︽ᠠᠷᠤ ᠮᠤᠩᠭᠤᠯ ᠤᠨ ᠲᠠᠷᠢᠭᠠᠩᠭ᠎ᠠ ᠶᠢᠨ ᠮᠤᠷᠢ ᠲᠠᠪᠬᠢᠬᠤ ᠳᠤ ᠰᠠᠶᠢᠨ᠂ ᠬᠡᠷᠦᠯᠦᠨ ᠠᠳᠤᠭᠤ ᠬᠤᠷᠳᠤᠨ ᠭᠦᠶᠦᠳᠡᠯ ᠲᠠᠢ︾ ᠭᠡᠳᠡᠭ ᠢᠶᠠᠷ ᠦᠭᠡᠬᠦ ᠪᠤᠶᠠᠨᠳᠤ ᠵᠡᠷᠭᠡ ᠪᠠᠶᠠᠳ ᠤᠳ ᠴᠤ ︽ᠲᠠᠷᠢᠭᠠᠩᠭ᠎ᠠ᠂ ᠬᠡᠷᠦᠯᠤᠨ ᠤ ᠠᠳᠤᠭᠤ ᠴᠤ ᠪᠡᠶᠢᠵᠦ ᠮᠡᠳᠡᠨ᠎ᠡ︾ ᠭᠡᠳ ᠠᠷᠪᠠ ᠭᠠᠷᠤᠢ ᠲᠤᠯᠤᠭᠠᠢ ᠪᠠᠷ ᠠᠪᠤᠭᠰᠠᠨ ᠪᠠᠶᠢᠪᠠ᠃ ᠢᠰᠢᠭᠡ᠂ ᠪᠤᠶᠠᠨᠳᠤ ᠬᠤᠶᠠᠷ ᠦᠷᠦᠭᠡ ᠨᠤᠲᠤᠭ ᠵᠦᠷᠢᠶ᠎ᠡ ᠪᠡᠯᠴᠢᠭᠡᠷ ᠲᠠᠢ ᠤᠶᠢᠷᠠᠯᠴᠠᠭ᠎ᠠ ᠮᠠᠯᠵᠢᠳᠠᠭ᠂ ᠪᠤᠶᠠᠨᠳᠤ ᠨᠢ ᠢᠰᠢᠭᠡ ᠪᠠᠨ ᠭᠡᠵᠢᠶᠡᠳᠡ ᠦᠷᠢᠰᠦᠯᠳᠤᠨ ᠵᠢᠳᠭᠦᠭᠦᠯᠵᠦ᠂ ᠱᠤᠭ ᠨᠠᠭᠠᠳᠤᠮ ᠬᠢᠳᠡᠭ ᠭᠡᠨ᠎ᠡ᠂ ᠬᠤᠷᠠᠯ ᠴᠤᠭᠯᠠᠭ᠎ᠠ ᠶᠢᠨ ᠬᠦᠮᠦᠨ ᠲᠠᠷᠬᠠᠭᠠᠬᠤ ᠳᠠᠭᠠᠨ ᠤᠳᠤ ᠬᠡᠨ ᠤ ᠳᠤ ᠬᠦᠷᠴᠤ ᠬᠤᠨᠤᠭᠯᠠᠬᠤ ᠪᠤᠢ ᠭᠡᠵᠦ ᠬᠤᠭᠤᠷᠤᠨᠳᠤ ᠪᠠᠨ ᠬᠡᠯᠡᠯᠴᠡᠬᠦ  ᠳᠤ ᠪᠤᠶᠠᠨᠳᠤ ᠠᠴᠠ᠄ ︽ᠲᠡᠭᠦᠨᠡᠷ  ᠮᠢᠨᠢ᠂ ᠦᠯᠦᠰᠴᠤ ᠬᠤᠨᠤᠶ᠎ᠡ ᠭᠡᠪᠡᠯ ᠠᠨᠵᠢᠶ᠎ᠠ ︵ᠢᠰᠢᠭᠡ︶ ᠶᠢᠨ ᠳᠠᠭᠠᠨ ᠬᠦᠷᠴᠤ ᠤᠴᠢ᠂ ᠦᠬᠡᠬᠦ ᠢᠳᠡᠵᠦ ᠬᠤᠨᠤᠶ᠎ᠠ ᠭᠡᠪᠡᠯ ᠮᠠᠨ ᠤ ᠳᠤ ᠬᠦᠷ︕︾ ᠭᠡᠵᠦ ᠯᠠᠷᠵᠠᠯᠠᠵᠦ ᠪᠠᠶᠢᠯ᠎ᠠ ᠭᠡᠳᠡᠭ᠃                                                
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号