ᠵᠡᠭᠦᠨ ᠦᠵᠦᠮᠦᠴᠢᠨ ᠬᠤᠰᠢᠭᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠤᠣᠯ | ᠠᠶᠢᠮᠠᠭ ᠤᠨ ᠵᠡᠭᠦᠨ ᠬᠤᠶᠢᠲᠤ ᠲᠠᠯ᠎ᠠ᠂ ᠶᠡᠭᠡ ᠬᠢᠩᠭᠠᠨ ᠤ ᠪᠠᠷᠠᠭᠤᠨ ᠲᠠᠯ᠎ᠠ ᠳᠤ ᠣᠷᠣᠰᠢᠵᠤ᠂ ᠵᠡᠭᠦᠨᠰᠢ ᠬᠢᠩᠭᠠᠨ | ᠠᠶᠢᠮᠠᠭ᠂ ᠲᠦᠩᠯᠢᠶᠤᠤ ᠬᠤᠲᠠ ᠲᠠᠢ ᠬᠥᠷᠰᠢᠯᠡᠨ᠂ ᠡᠮᠦᠨᠡᠰᠢ ᠰᠢᠯᠢ ᠶᠢᠨ ᠬᠤᠲᠠ᠂ ᠪᠠᠷᠠᠭᠤᠨ ᠦᠵᠦᠮᠦᠴᠢᠨ | ᠬᠤᠰᠢᠭᠤ ᠲᠠᠢ ᠵᠠᠯᠭᠠᠯᠳᠤᠵᠤ᠂ ᠪᠠᠷᠠᠭᠤᠨᠰᠢ ᠠᠪᠠᠭ᠎ᠠ ᠬᠤᠰᠢᠭᠤ ᠲᠠᠢ ᠰᠢᠲᠦᠯᠴᠡᠨ᠂ ᠬᠤᠶᠢᠲᠤ ᠲᠠᠯ᠎ᠠ ᠪᠠᠷ ᠢᠶᠠᠨ | ᠮᠣᠩᠭᠤᠯ ᠤᠯᠤᠰ ᠲᠠᠢ ᠬᠢᠯᠢᠯᠡᠵᠦ᠂ ᠤᠯᠤᠰ ᠤᠨ ᠬᠢᠯᠢ ᠶᠢᠨ ᠱᠤᠭᠤᠮ 527.6 ᠺᠢᠯᠣᠮᠧᠲᠷ ᠤᠷᠲᠤ ᠪᠠᠶᠢᠳᠠᠭ᠃ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠢᠯᠢ ᠶᠢᠨ ᠭᠤᠣᠯ ᠠᠶᠢᠮᠠᠭ ᠤᠨ ᠠᠷᠪᠠᠨ ᠭᠤᠷᠪᠠᠨ ᠬᠤᠲᠠ | ᠬᠤᠰᠢᠭᠤ ᠰᠢᠶᠠᠨ ᠤ ᠨᠢᠭᠡ ᠨᠢ ᠪᠣᠯᠣᠭᠰᠠᠨ ᠵᠡᠭᠦᠨ ᠦᠵᠦᠮᠦᠴᠢᠨ ᠬᠤᠰᠢᠭᠤᠨ ᠤ ᠨᠤᠲᠤᠭ ᠳᠡᠪᠢᠰᠬᠡᠷ 47328 | ᠺᠦᠸᠠᠳ᠋ ᠺᠢᠯᠣᠮᠧᠲᠷ᠂ ᠬᠥᠮᠥᠨ ᠠᠮᠠ 7.07 ᠲᠦᠮᠡ᠂ ᠡᠭᠦᠨ ᠳᠤ ᠪᠠᠶᠢᠩᠭᠤ ᠰᠠᠭᠤᠭᠠᠯᠢ 5.44 ᠲᠦᠮᠡ᠂ | ᠮᠣᠩᠭᠤᠯ ᠬᠥᠮᠥᠨ 4.56 ᠲᠦᠮᠡ ᠪᠠᠶᠢᠵᠤ ᠨᠡᠶᠢᠲᠡ ᠬᠥᠮᠥᠨ ᠠᠮᠠ ᠶᠢᠨ 64.5% ᠬᠤᠪᠢ ᠶᠢ ᠡᠵᠡᠯᠡᠨ᠎ᠡ᠃ | ᠪᠦᠬᠦ ᠬᠤᠰᠢᠭᠤᠨ ᠳᠤ 5 ᠪᠠᠯᠭᠠᠰᠤ᠂ 4 ᠰᠤᠮᠤ ᠬᠢᠭᠡᠳ 1 ᠣᠢ ᠰᠢᠭᠤᠢ ᠶᠢᠨ ᠲᠠᠯᠠᠪᠠᠢ ᠲᠠᠢ᠃ ᠬᠤᠰᠢᠭᠤᠨ | ᠲᠥᠪ ᠤᠯᠢᠶᠠᠰᠤᠲᠠᠢ ᠪᠠᠯᠭᠠᠰᠤᠨ ᠳᠤ 3.3 ᠲᠦᠮᠡᠨ ᠬᠥᠮᠥᠨ ᠠᠮᠠ ᠲᠠᠢ᠂ ᠤᠯᠢᠶᠠᠰᠤᠲᠠᠢ ᠪᠠᠯᠭᠠᠰᠤᠨ ᠠᠴᠠ | ᠤᠮᠠᠷᠠᠰᠢ 68 ᠺᠢᠯᠣᠮᠧᠲᠷ ᠤᠨ ᠲᠡᠷᠲᠡᠭᠡ ᠣᠷᠣᠰᠢᠬᠤ ᠵᠡᠭᠦᠨ ᠬᠠᠲᠠᠪᠴᠢ ᠬᠢᠯᠢ ᠶᠢᠨ ᠪᠣᠭᠤᠮᠲᠠ ᠪᠣᠯ ᠮᠣᠩᠭᠤᠯ | ᠤᠯᠤᠰ ᠤᠨ ᠪᠢᠴᠢᠭᠲᠦ ᠪᠣᠭᠤᠮᠲᠠ ᠲᠠᠢ ᠨᠢᠭᠤᠷᠯᠠᠭᠰᠠᠨ ᠮᠠᠨ ᠤ ᠤᠯᠤᠰ ᠤᠨ ᠨᠢᠭᠡᠳᠦᠭᠡᠷ ᠳᠡᠰ ᠤᠨ ᠪᠠᠶᠢᠩᠭᠤ | ᠨᠡᠭᠡᠭᠡᠯᠲᠡ ᠲᠠᠢ ᠪᠣᠭᠤᠮᠲᠠ ᠪᠣᠯᠬᠤ ᠶᠤᠮ᠃ | ᠵᠡᠭᠦᠨ ᠦᠵᠦᠮᠦᠴᠢᠨ ᠬᠤᠰᠢᠭᠤ ᠪᠠᠶᠢᠭᠠᠯᠢ ᠶᠢᠨ ᠨᠥᠬᠦᠴᠡᠯ ᠢᠶᠠᠷ ᠢᠶᠠᠨ ᠣᠨᠴᠠᠯᠠᠭᠳᠠᠨ᠎ᠠ᠃ ᠭᠠᠵᠠᠷ ᠤᠨ | ᠪᠠᠶᠢᠴᠠ ᠨᠢ ᠶᠡᠭᠡ ᠲᠥᠯᠥᠪ ᠬᠤᠶᠢᠨ᠎ᠠ ᠠᠴᠠ ᠡᠮᠦᠨᠡᠰᠢ ᠤᠷᠤᠭᠤ᠂ ᠵᠡᠭᠦᠨ ᠠᠴᠠ ᠪᠠᠷᠠᠭᠤᠨᠰᠢ ᠨᠠᠯᠠᠤ ᠪᠠᠶᠢᠵᠤ᠂ | ᠭᠠᠵᠠᠷ ᠤᠨ ᠡᠷᠭᠦᠭᠳᠡᠴᠡ ᠳᠠᠯᠠᠢ ᠶᠢᠨ ᠲᠦᠪᠰᠢᠨ ᠠᠴᠠ ᠳᠡᠭᠡᠭᠰᠢ 800 —1500 ᠮᠧᠲᠷ ᠤᠨ ᠬᠤᠭᠤᠷᠣᠨᠳᠤ | ᠪᠠᠶᠢᠳᠠᠭ᠂ ᠬᠤᠶᠢᠲᠤ ᠬᠡᠰᠡᠭ ᠢᠶᠠᠷ ᠢᠶᠠᠨ ᠨᠠᠮᠬᠠᠨ ᠳᠣᠪᠤ ᠲᠣᠯᠣᠭᠠᠳ ᠶᠡᠬᠡᠲᠡᠢ ᠪᠠᠶᠢᠵᠤ᠂ ᠡᠮᠦᠨ᠎ᠡ ᠬᠡᠰᠡᠭ ᠲᠡᠭᠡᠨ | ᠬᠤᠲᠣᠭᠤᠷ ᠭᠠᠵᠠᠷ ᠪᠠᠶᠢᠳᠠᠭ᠂ ᠬᠥᠷᠥᠰᠥᠨ ᠤ ᠪᠦᠷᠢᠯᠳᠦᠬᠦᠨ ᠨᠢ ᠣᠢ ᠰᠢᠭᠤᠢ ᠶᠢᠨ ᠴᠠᠶᠢᠪᠤᠷ ᠰᠢᠷᠣᠢ᠂ ᠬᠠᠷ᠎ᠠ | ᠬᠢᠭᠡᠳ ᠬᠦᠷᠡᠩ ᠺᠠᠯᠼᠲᠤ ᠰᠢᠷᠣᠢ ᠪᠠᠷ ᠭᠤᠣᠯᠯᠠᠵᠤ᠂ ᠬᠠᠶᠠ ᠪᠠᠰᠠ ᠨᠠᠮᠤᠭ ᠤᠨ ᠰᠢᠷᠣᠢ᠂ ᠨᠤᠭᠤ ᠶᠢᠨ ᠰᠢᠷᠣᠢ᠂ | ᠡᠯᠡᠰᠦ ᠰᠢᠷᠣᠢ ᠪᠠᠶᠢᠳᠠᠭ᠃ ᠨᠤᠲᠤᠭ ᠤᠨ ᠨᠣᠶᠠᠨ ᠣᠷᠭᠢᠯ ᠪᠣᠭᠳᠠ ᠠᠭᠤᠯᠠ ᠳᠠᠯᠠᠢ ᠶᠢᠨ ᠲᠦᠪᠰᠢᠨ ᠠᠴᠠ ᠳᠡᠭᠡᠭᠰᠢ | 1461 ᠮᠧᠲᠷ ᠥᠨᠳᠥᠷ ᠡᠷᠭᠦᠭᠳᠡᠵᠡᠢ᠃ ᠲᠤᠰ ᠨᠤᠲᠤᠭ ᠤᠮᠠᠷᠠᠲᠤ ᠳᠤᠯᠠᠭᠠᠨ ᠪᠦᠰᠡ ᠶᠢᠨ ᠡᠬᠡ ᠬᠠᠭᠤᠷᠠᠢ ᠶᠢᠨ | ᠠᠭᠤᠷ ᠠᠮᠢᠰᠬᠤᠯ ᠲᠠᠢ ᠪᠠᠶᠢᠵᠤ᠂ ᠭᠠᠵᠠᠷ ᠤᠨ ᠡᠷᠭᠦᠭᠳᠡᠴᠡ ᠥᠨᠳᠥᠷ ᠮᠥᠷᠲᠡᠭᠡᠨ ᠳᠤᠮᠳᠠ ᠪᠠ ᠥᠨᠳᠥᠷ ᠥᠷᠭᠡᠷᠢᠭ | ᠪᠦᠬᠦᠢ ᠪᠦᠰᠡ ᠨᠤᠲᠤᠭ ᠲᠤ ᠣᠷᠣᠰᠢᠭᠰᠠᠨ ᠢᠶᠠᠷ ᠢᠶᠠᠨ ᠪᠠᠶᠢᠭᠠᠯᠢ ᠶᠢᠨ ᠨᠥᠬᠦᠴᠡᠯ ᠬᠦᠨᠳᠦ ᠬᠡᠴᠡᠭᠦᠦ ᠪᠠᠶᠢᠳᠠᠭ᠃ | ᠡᠪᠦᠯ ᠳᠡᠭᠡᠨ ᠮᠣᠩᠭᠤᠯ ᠤᠨ ᠥᠨᠳᠦᠷᠯᠢᠭ ᠤᠨ ᠠᠭᠠᠷ ᠤᠨ ᠥᠨᠳᠥᠷ ᠳᠠᠷᠤᠯᠲᠠ ᠳᠤ ᠡᠵᠡᠮᠳᠡᠭᠳᠡᠳᠡᠭ ᠠᠴᠠ ᠬᠦᠢᠲᠡᠨ | ᠮᠥᠷᠲᠡᠭᠡᠨ ᠰᠠᠯᠬᠢ ᠶᠡᠬᠡᠲᠡᠢ᠂ ᠵᠤᠨ ᠳᠠᠭᠠᠨ ᠭᠠᠩ ᠬᠠᠭᠤᠷᠠᠢ ᠪᠥᠭᠡᠳ ᠬᠤᠷ᠎ᠠ ᠴᠥᠭᠡᠨ ᠪᠠᠶᠢᠳᠠᠭ᠃ ᠵᠢᠯ ᠤᠨ | ᠳᠤᠮᠳᠠᠴᠢ ᠳᠤᠯᠠᠭᠠᠨ ᠼᠧᠯᠰ ᠤᠨ 1.6 ᠬᠡᠮ᠂ ᠨᠢᠭᠡᠳᠦᠭᠡᠷ ᠰᠠᠷ᠎ᠠ ᠶᠢᠨ ᠳᠤᠮᠳᠠᠴᠢ ᠳᠤᠯᠠᠭᠠᠨ ᠼᠧᠯᠰ ᠤᠨ —18. | 9 ᠬᠡᠮ᠂ ᠳᠣᠯᠣᠳᠤᠭᠠᠷ ᠰᠠᠷ᠎ᠠ ᠶᠢᠨ ᠳᠤᠮᠳᠠᠴᠢ ᠳᠤᠯᠠᠭᠠᠨ ᠼᠧᠯᠰ ᠤᠨ 21 ᠬᠡᠮ᠂ ᠬᠠᠮᠤᠭ ᠤᠨ ᠬᠠᠯᠠᠭᠤᠨ ᠳᠠᠭᠠᠨ | ᠼᠧᠯᠰ ᠤᠨ 39.7 ᠬᠡᠮ ᠬᠦᠷᠴᠦ᠂ ᠬᠦᠢᠲᠡᠨ ᠤ ᠲᠤᠶᠢᠯ —40.7 ᠬᠡᠮ ᠬᠦᠷᠴᠦ᠂ ᠵᠢᠯ ᠤᠨ ᠡᠳᠦᠷ ᠤᠨ | ᠳᠤᠮᠳᠠᠴᠢ ᠳᠤᠯᠠᠭᠠᠨ ᠼᠧᠯᠰ ᠤᠨ 0.7 ᠬᠡᠮ᠂ ᠬᠢᠷᠠᠭᠤ ᠦᠭᠡᠢ ᠬᠤᠭᠤᠴᠠᠭ᠎ᠠ ᠳᠤᠮᠳᠠᠴᠢ ᠪᠠᠷ 120 ᠬᠤᠨᠤᠭ | ᠪᠠᠶᠢᠳᠠᠭ᠃ ᠵᠢᠯ ᠤᠨ ᠬᠤᠷ᠎ᠠ ᠲᠤᠨᠳᠠᠰᠤ 300 ᠮᠢᠯᠢᠮᠧᠲᠷ ᠣᠷᠴᠢᠮ᠂ ᠵᠢᠯ ᠤᠨ ᠬᠤᠷ᠎ᠠ ᠲᠤᠨᠳᠠᠰᠤᠨ ᠤ 70% | ᠬᠤᠪᠢ ᠨᠢ ᠭᠤᠣᠯᠳᠠᠭᠤ 6—8 ᠳ᠋ᠤᠭᠠᠷ ᠰᠠᠷ᠎ᠠ ᠳᠤ ᠲᠥᠪᠯᠡᠷᠡᠨ ᠪᠠᠭᠤᠳᠠᠭ᠃ ᠵᠢᠯ ᠤᠨ ᠠᠭᠤᠷᠰᠢᠯᠲᠠ 3000 | ᠮᠢᠯᠢᠮᠧᠲᠷ ᠠᠴᠠ ᠳᠡᠭᠡᠭᠰᠢ ᠪᠠᠶᠢᠵᠤ᠂ ᠬᠤᠷ᠎ᠠ ᠲᠤᠨᠳᠠᠰᠤᠨ ᠤ ᠪᠠᠨ 7.5 ᠳᠠᠬᠢᠨ ᠳᠤ ᠬᠦᠷᠳᠡᠭ᠃ ᠵᠢᠯ ᠤᠨ | ᠳᠤᠮᠳᠠᠴᠢ ᠨᠠᠷᠠᠨ ᠤ ᠲᠤᠰᠤᠯᠲᠠ 2975 ᠴᠠᠭ᠂ ᠨᠠᠷᠠᠨ ᠤ ᠰᠠᠴᠤᠷᠠᠭ ᠬᠡᠴᠡᠭᠦᠦ᠂ ᠰᠠᠯᠬᠢ ᠲᠠᠢ ᠡᠳᠦᠷ ᠣᠯᠠᠨ᠂ | ᠰᠠᠯᠬᠢᠨ ᠤ ᠳᠤᠮᠳᠠᠴᠢ ᠬᠤᠷᠳᠤ ᠰᠧᠺᠦ᠋ᠨ᠋ᠳ᠋ ᠪᠦᠷᠢ ᠳᠤ 3.6 ᠮᠧᠲᠷ᠂ ᠬᠠᠮᠤᠭ ᠤᠨ ᠰᠢᠷᠦᠭᠦᠨ ᠳᠡᠭᠡᠨ ᠰᠧᠺᠦ᠋ᠨ᠋ᠳ᠋ | ᠪᠦᠷᠢ ᠳᠤ 34 ᠮᠧᠲᠷ ᠬᠦᠷᠴᠦ᠂ ᠵᠢᠯ ᠪᠦᠷᠢ 7—8 ᠳᠡᠰ ᠤᠨ ᠰᠠᠯᠬᠢ ᠲᠠᠢ ᠡᠳᠦᠷ ᠲᠡᠭᠰᠢᠳᠬᠡᠭᠡᠳ 73 ᠬᠤᠨᠤᠭ | ᠬᠦᠷᠳᠡᠭ᠃ ᠡᠨᠡ ᠨᠤᠲᠤᠭ ᠤᠨ ᠭᠤᠣᠯ ᠤᠰᠤ ᠳᠣᠲᠣᠭᠠᠳᠤ ᠬᠠᠭᠤᠷᠠᠢ ᠶᠢᠨ ᠤᠰᠤᠨ ᠰᠢᠰᠲ᠋ᠧᠮ ᠳᠤ | ᠬᠠᠷᠢᠶᠠᠯᠠᠭᠳᠠᠵᠤ᠂ ᠤᠯᠠᠭᠠᠢ ᠭᠤᠣᠯ ᠢᠶᠠᠷ ᠭᠤᠣᠯᠯᠠᠭᠰᠠᠨ ᠨᠠᠷᠢᠨ ᠭᠤᠣᠯ᠂ ᠠᠷᠤ ᠰᠤᠪᠠᠭ ᠤᠨ ᠭᠤᠣᠯ᠂ ᠪᠠᠶᠠᠨ | ᠬᠠᠩᠭᠠᠢ ᠭᠤᠣᠯ ᠵᠡᠷᠭᠡ ᠭᠤᠣᠯ ᠭᠤᠷᠤᠬ᠎ᠠ ᠲᠠᠢ᠃ ᠨᠡᠶᠢᠲᠡ 107 ᠨᠠᠭᠤᠷ ᠪᠠᠶᠢᠵᠤ᠂ 48 ᠨᠢ ᠴᠡᠩᠭᠡᠭ᠂ 59 | ᠨᠢ ᠱᠣᠷᠪᠣᠭ ᠤᠰᠤ ᠲᠠᠢ ᠪᠠᠶᠢᠳᠠᠭ᠃ | ᠵᠡᠭᠦᠨ ᠦᠵᠦᠮᠦᠴᠢᠨ ᠬᠤᠰᠢᠭᠤᠨ ᠤ ᠪᠠᠶᠢᠭᠠᠯᠢᠯᠢᠭ ᠪᠡᠯᠴᠢᠭᠡᠷ 6917 ᠲᠦᠮᠡᠨ ᠮᠦ᠂ ᠡᠭᠦᠨ ᠳᠤ | ᠠᠰᠢᠭᠯᠠᠵᠤ ᠪᠣᠯᠬᠤ ᠲᠠᠯᠠᠪᠠᠢ ᠨᠢ 95% ᠬᠤᠪᠢ ᠶᠢ ᠡᠵᠡᠯᠡᠨ᠎ᠡ᠃ ᠡᠨᠡ ᠨᠤᠲᠤᠭ ᠤᠨ ᠥᠩᠭᠡ ᠦᠵᠡᠮᠵᠢ | ᠭᠦᠢᠴᠡᠳ ᠬᠠᠳᠠᠭᠠᠯᠠᠭᠳᠠᠭᠰᠠᠨ ᠪᠥᠭᠡᠳ ᠥᠪᠥᠷ ᠮᠣᠩᠭᠤᠯ ᠤᠨ ᠶᠢᠰᠦᠨ ᠲᠥᠷᠥᠯ ᠤᠨ ᠲᠠᠯ᠎ᠠ ᠬᠡᠭᠡᠷ᠎ᠡ ᠶᠢᠨ | ᠣᠨᠴᠠᠯᠢᠭ ᠢ ᠬᠤᠷᠠᠮᠳᠤᠭᠤᠯᠤᠭᠰᠠᠨ ᠴᠣᠷ ᠤᠨ ᠭᠠᠭᠴᠠ ᠪᠦᠰᠡ ᠨᠤᠲᠤᠭ ᠪᠣᠯᠣᠭᠰᠠᠨ ᠢᠶᠠᠷ ᠢᠶᠠᠨ ᠳᠤᠮᠳᠠᠳᠤ ᠤᠯᠤᠰ | ᠤᠨ ᠤᠮᠠᠷᠠᠲᠤ ᠣᠷᠣᠨ ᠤ ᠬᠠᠮᠤᠭ ᠤᠨ ᠭᠤᠶᠢᠳᠠ ᠦᠵᠡᠮᠵᠢᠲᠦ ᠭᠠᠵᠠᠷ ᠨᠤᠲᠤᠭ ᠲᠤ ᠲᠣᠭᠠᠴᠠᠭᠳᠠᠨ ︽ᠵᠢᠷᠭᠠᠯᠠᠩᠲᠤ | ᠲᠠᠯ᠎ᠠ ᠨᠤᠲᠤᠭ︾ ᠬᠡᠮᠡᠨ ᠠᠯᠳᠠᠷᠰᠢᠭᠰᠠᠨ ᠪᠢᠯᠡ᠃ ᠥᠪᠥᠷ ᠮᠣᠩᠭᠤᠯᠴᠤᠳ ᠤᠨ ᠰᠣᠶᠣᠯ ᠵᠠᠩ ᠦᠢᠯᠡ ᠡᠨᠡ | ᠨᠤᠲᠤᠭ ᠲᠤ ᠬᠠᠮᠤᠭ ᠠᠴᠠ ᠢᠯᠡᠭᠦᠦ ᠬᠠᠳᠠᠭᠠᠯᠠᠭᠳᠠᠨ ᠦᠯᠡᠳᠡᠭᠰᠡᠨ ᠢᠶᠠᠷ ᠢᠶᠠᠨ ᠦᠵᠦᠮᠦᠴᠢᠨ ᠨᠤᠲᠤᠭ ᠢ ᠪᠠᠰᠠ ︽ | ᠠᠪᠤᠷᠭᠤ ᠪᠥᠬᠡ ᠶᠢᠨ ᠲᠠᠭᠰᠢᠨ ᠣᠷᠣᠨ᠂ ᠤᠷᠲᠤ ᠶᠢᠨ ᠳᠠᠭᠤᠤ ᠶᠢᠨ ᠥᠯᠥᠭᠡᠢ᠂ ᠦᠨᠳᠦᠰᠦᠲᠡᠨ ᠤ ᠬᠤᠪᠴᠠᠰᠤ | ᠵᠠᠰᠠᠯ ᠤᠨ ᠨᠤᠲᠤᠭ᠂ ᠨᠡᠭᠦᠳᠡᠯ ᠰᠣᠶᠣᠯ ᠤᠨ ᠭᠤᠯᠣᠮᠲᠠ︾ ᠬᠡᠮᠡᠨ ᠨᠡᠷᠡᠯᠡᠳᠡᠭ᠃ ᠤᠯᠠᠮᠵᠢᠯᠠᠯᠲᠤ ᠮᠣᠩᠭᠤᠯ ᠪᠥᠬᠡ᠂ | ᠤᠶᠠᠩᠭᠠᠲᠤ ᠤᠷᠲᠤ ᠶᠢᠨ ᠳᠠᠭᠤᠤ᠂ ᠥᠩᠭᠡ ᠢᠯᠭᠠᠷᠠᠮ᠎ᠠ ᠬᠤᠪᠴᠠᠰᠤ ᠵᠠᠰᠠᠯ᠂ ᠥᠨᠢ ᠡᠷᠲᠡᠨ ᠤ ᠨᠡᠭᠦᠳᠡᠯ ᠰᠣᠶᠣᠯ | ᠪᠦᠬᠦᠨ ᠨᠢ ᠦᠶ᠎ᠡ ᠳᠠᠮᠵᠢᠨ ᠪᠠᠯᠠᠷᠠᠭ᠎ᠠ ᠦᠭᠡᠢ ᠦᠵᠦᠮᠦᠴᠢᠨ ᠰᠣᠶᠣᠯ ᠤᠨ ᠭᠢᠯᠪᠠᠭ᠎ᠠ ᠶᠢ ᠬᠠᠷᠠᠭᠤᠯᠤᠨ᠎ᠠ᠃ | | |